ᠭᠦᠶᠦᠭ ᠬᠠᠭᠠᠨ-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡГүюг хаан ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠦᠶᠦᠭ ᠬᠠᠭᠠᠨ-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡГүюг хаан

ᠭᠦᠶᠦᠭ ᠬᠠᠭᠠᠨ-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡГүюг хаан

ᠠᠩᠭᠢᠯᠠᠯ:ᠲᠡᠦᠬᠡ ᠰᠣᠶᠣᠯ
2022-09-07

546

ᠭᠦᠶᠦᠭ ᠬᠠᠭᠠᠨ


ᠭᠦᠶᠦᠭ ᠪᠣᠯ ᠥᠭᠡᠳᠡᠢ ᠬᠠᠭᠠᠨ ᠤ᠋ ᠠᠬᠠᠮᠠᠳ ᠬᠥᠪᠡᠭᠦᠨ ᠪᠣᠯᠤᠨ᠎ᠠ᠃ 1206 ᠣᠨ ᠳ᠋ᠤ᠌ ᠳᠦᠷᠭᠡᠨ᠎ᠡ ᠬᠠᠲᠤᠨ ᠡᠴᠡ ᠲᠥᠷᠥᠵᠡᠢ᠃ 1246 ᠣᠨ ᠳ᠋ᠤ᠌ ᠬᠠᠭᠠᠨᠲᠤ ᠮᠣᠩᠭᠣᠯ ᠤᠯᠤᠰ ᠤ᠋ᠨ ᠭᠤᠷᠪᠠᠳᠤᠭᠠᠷ ᠦᠶ᠎ᠡ ᠶ᠋ᠢᠨ ᠶᠡᠬᠡ ᠬᠠᠭᠠᠨ ᠢ᠋ᠶ᠋ᠠᠷ ᠡᠷᠭᠦᠮᠵᠢᠯᠡᠭᠳᠡᠪᠡ᠃ ᠲᠡᠷᠡ ᠬᠠᠷᠠᠬᠠᠨ ᠪᠠᠭ᠎ᠠ ᠠ᠋ᠴᠠ ᠪᠠᠨ ᠲᠡᠢᠨ ᠪᠠᠢᠯᠳᠤᠭᠠᠨ ᠳ᠋ᠤ᠌ ᠣᠷᠣᠯᠴᠠᠵᠤ ᠶᠠᠪᠤᠭᠰᠠᠨ ᠪᠠᠢᠨ᠎ᠠ᠃ 1233 ᠣᠨ ᠳ᠋ᠤ᠌ ᠭᠦᠶᠦᠭ ᠡᠴᠢᠭᠡ ᠶ᠋ᠢᠨ ᠢ᠋ᠶ᠋ᠡᠨ ᠵᠠᠷᠯᠢᠭ ᠢ᠋ᠶ᠋ᠠᠷ ᠬᠠᠭᠠᠨᠲᠤ ᠮᠣᠩᠭᠣᠯ ᠤᠯᠤᠰ ᠤ᠋ᠨ ᠵᠡᠭᠦᠨ ᠭᠠᠷ ᠤ᠋ᠨ ᠴᠡᠷᠢᠭ ᠢ᠋ ᠳᠠᠢᠴᠢᠯᠠᠵᠤ ᠯᠢᠶᠣᠤᠳ᠋ᠦ᠋ᠩ ᠣᠷᠣᠨ ᠢ᠋ ᠲᠦᠪᠰᠢᠳᠬᠡᠬᠦ ᠪᠡᠷ ᠮᠣᠷᠳᠠᠵᠠᠢ᠃ 1234 ᠣᠨ ᠤ᠋ ᠬᠠᠪᠤᠷ ᠲᠡᠷᠡ ᠵᠦᠷᠴᠢᠳ ᠦ᠋ᠨ ᠤᠷᠪᠠᠭᠰᠠᠨ ᠲᠦᠷᠦᠭᠦᠦ ᠹᠦᠰᠢᠶᠠᠨ ᠸᠠᠨᠨᠦ ᠶ᠋ᠢ ᠠᠮᠢᠳᠤ ᠪᠠᠷ ᠪᠠᠷᠢᠵᠤ ᠯᠢᠶᠣᠤᠳ᠋ᠦ᠋ᠩ ᠣᠷᠣᠨ ᠢ᠋ ᠲᠦᠪᠰᠢᠳᠬᠡᠪᠡ᠃ 1235 ᠣᠨ ᠳ᠋ᠤ᠌ ᠥᠭᠡᠳᠡᠢ ᠬᠠᠭᠠᠨ ᠠᠬᠠᠮᠠᠳ ᠬᠥᠪᠡᠭᠦᠳ ᠦ᠋ᠨ ᠠᠶᠠᠨ ᠲᠡᠢᠨ ᠢ᠋ ᠵᠣᠬᠢᠶᠠᠨ ᠪᠠᠢᠭᠤᠯᠵᠤ ᠪᠠᠷᠠᠭᠤᠨᠰᠢ ᠳᠠᠢᠯᠠᠵᠠᠢ᠃ ᠡᠨᠡ ᠤᠳᠠᠭ᠎ᠠ ᠶ᠋ᠢᠨ ᠠᠶᠠᠨ ᠲᠡᠢᠨ ᠢ᠋ ᠪᠠᠲᠤ ᠶᠡᠷᠦᠩᠬᠡᠢᠯᠡᠨ ᠵᠠᠬᠢᠷᠴᠤ᠂ ᠬᠠᠭᠠᠨᠲᠤ ᠮᠣᠩᠭᠣᠯ ᠤᠯᠤᠰ ᠤ᠋ᠨ ᠭᠣᠣᠯ ᠴᠡᠷᠢᠭ ᠢ᠋ ᠭᠦᠶᠦᠭ ᠠᠬᠠᠯᠠᠭᠰᠠᠨ ᠪᠠᠢᠨ᠎ᠠ᠃ 1236 ᠣᠨ ᠡᠴᠡ 1239 ᠣᠨ ᠤ᠋ ᠬᠠᠪᠤᠷ ᠪᠣᠯᠲᠠᠯ᠎ᠠ᠂ ᠪᠠᠲᠤ ᠶ᠋ᠢᠨ ᠵᠢᠯᠣᠭᠣᠳᠤᠭᠰᠠᠨ ᠮᠣᠩᠭᠣᠯ ᠤ᠋ᠨ ᠠᠷᠪᠠᠨ ᠭᠤᠷᠪᠠᠨ ᠲᠦᠮᠡᠨ ᠶᠡᠬᠡ ᠴᠡᠷᠢᠭ ᠪᠣᠯᠭᠠᠷᠢ ᠤᠯᠤᠰ ᠢ᠋ ᠪᠠᠭᠤᠯᠭᠠᠨ ᠠᠪᠴᠤ᠂ ᠬᠢᠪᠴᠠᠭ ᠤᠯᠤᠰ ᠢ᠋ ᠡᠵᠡᠯᠡᠵᠦ᠂ ᠣᠷᠣᠰ ᠤᠯᠤᠰ ᠤ᠋ᠨ ᠵᠡᠭᠦᠨ ᠬᠣᠢᠲᠤ ᠬᠡᠰᠡᠭ ᠢ᠋ ᠡᠷᠬᠡᠰᠢᠶᠡᠯ ᠳ᠋ᠡᠭᠡᠨ ᠣᠷᠣᠭᠤᠯᠤᠨ ᠠᠪᠤᠪᠠ᠃ ᠡᠳᠡᠭᠡᠷ ᠶᠡᠬᠡ ᠳᠠᠢᠯᠠᠯᠳᠤᠭᠠᠨ ᠳ᠋ᠤ᠌ ᠭᠦᠶᠦᠭ ᠮᠣᠩᠭᠣᠯ ᠤ᠋ᠨ ᠭᠣᠣᠯ ᠴᠡᠷᠢᠭ ᠢ᠋ ᠵᠢᠯᠣᠭᠣᠳᠤᠨ ᠡᠷᠡᠯᠬᠡᠭ ᠢ᠋ᠶ᠋ᠡᠷ ᠪᠠᠢᠯᠳᠤᠵᠠᠢ᠃ 1239 ᠣᠨ ᠳ᠋ᠤ᠌ ᠪᠠᠲᠤ ᠴᠡᠷᠢᠭ ᠢ᠋ᠶ᠋ᠡᠨ ᠲᠠᠲᠠᠵᠤ ᠳ᠋ᠤᠨ ᠮᠥᠷᠡᠨ ᠦ᠌ ᠬᠥᠪᠡᠭᠡ ᠳ᠋ᠦ᠍ ᠪᠠᠭᠤᠳᠠᠯᠯᠠᠵᠤ᠂ ᠤᠷᠲᠤ ᠬᠤᠭᠤᠴᠠᠭ᠎ᠠ ᠪᠠᠷ ᠴᠡᠭᠴᠡᠯᠡᠨ ᠠᠮᠠᠷᠠᠪᠠ᠃ ᠢᠩᠭᠢᠭᠡᠳ ᠲᠡᠳᠡ ᠢᠯᠠᠯᠲᠠ ᠪᠠᠨ ᠪᠡᠯᠭᠡᠯᠡᠵᠦ ᠨᠠᠢᠷᠯᠠᠭᠰᠠᠨ ᠪᠠᠢᠵᠠᠢ᠃ ᠶᠡᠬᠡ ᠨᠠᠢᠷ ᠳᠡᠭᠡᠷ᠎ᠡ ᠪᠠᠲᠤ ᠠᠬᠠᠮᠠᠳ ᠤ᠋ᠨ ᠬᠤᠪᠢ ᠪᠠᠷ ᠨᠢᠭᠡ ᠬᠣᠶᠠᠷ ᠠᠶᠠᠭ᠎ᠠ ᠰᠠᠷᠬᠤᠳ ᠲᠡᠷᠢᠭᠦᠯᠡᠨ ᠤᠤᠭᠤᠭᠰᠠᠨ ᠪᠠᠢᠨ᠎ᠠ᠃ ᠡᠭᠦᠨ ᠳ᠋ᠦ᠍ ᠪᠦᠷᠢ ᠳᠤᠷ᠎ᠠ ᠦᠭᠡᠢᠴᠡᠵᠦ ᠬᠡᠯᠡᠭᠰᠡᠨ ᠨᠢ᠄ 《ᠪᠠᠲᠤ ᠪᠢᠳᠡ ᠬᠣᠶᠠᠷ ᠠᠳᠠᠯᠢ ᠪᠠᠢᠲᠠᠯ᠎ᠠ ᠶᠠᠭᠠᠬᠢᠭᠠᠳ ᠲᠡᠷᠢᠭᠦᠯᠡᠨ ᠤᠤᠭᠤᠬᠤ ᠪᠢᠯᠡ᠃ ᠲᠡᠷᠡ ᠰᠠᠴᠠᠭᠤᠷᠬᠠᠬᠤ ᠰᠠᠨᠠᠭ᠎ᠠ ᠲᠠᠢ ᠰᠠᠬᠠᠯᠲᠤ ᠡᠮᠡᠭᠡᠨ ᠢ᠋ ᠥᠰᠥᠭᠡᠢ ᠪᠡᠷ ᠳᠠᠪᠲᠠᠵᠤ᠂ ᠥᠯᠮᠡᠢ ᠪᠡᠷ ᠬᠢᠰᠬᠢᠴᠢᠬᠦ ᠶᠤᠮᠰᠠᠨ!》 ᠭᠡᠪᠡ᠃ ᠪᠠᠲᠤ ᠳ᠋ᠤ᠌ ᠳᠤᠷ᠎ᠠ ᠦᠭᠡᠢ ᠭᠦᠶᠦᠭ ᠡᠯᠭᠦᠵᠦ ᠠᠪᠤᠭᠠᠳ᠄ 《ᠪᠢᠳᠡ ᠬᠣᠶᠠᠷ ᠲᠡᠷᠡ ᠨᠤᠮᠤ ᠰᠤᠮᠤ ᠠᠭᠰᠠᠭᠰᠠᠨ ᠡᠬᠡᠨᠡᠷ ᠦ᠋ᠨ ᠡᠭᠡᠮ ᠢ᠋ ᠪᠣᠷᠣᠣᠬᠠᠢ ᠪᠠᠷ ᠵᠣᠳᠣᠬᠤ ᠶᠤᠮᠰᠠᠨ!》 ᠭᠡᠵᠦ ᠳᠣᠷᠣᠮᠵᠢᠯᠠᠨ ᠬᠡᠯᠡᠭᠰᠡᠨ ᠪᠠᠢᠨ᠎ᠠ᠃ ᠡᠨᠡ ᠪᠠᠢᠳᠠᠯ ᠢ᠋ ᠥᠭᠡᠳᠡᠢ ᠣᠯᠵᠤ ᠮᠡᠳᠡᠭᠡᠳ ᠶᠡᠬᠡ ᠯᠡ ᠬᠢᠯᠢᠩᠨᠡᠵᠦ᠂ ᠭᠦᠶᠦᠭ ᠪᠦᠷᠢ ᠶ᠋ᠢ ᠳᠠᠭᠤᠳᠠᠨ ᠢᠷᠡᠭᠦᠯᠦᠭᠡᠳ ᠴᠢᠩᠭ᠎ᠠ ᠵᠢᠮᠡᠯᠡᠪᠡ᠃ ᠲᠡᠭᠡᠭᠡᠳ ᠰᠠᠢᠳ ᠲᠦᠰᠢᠮᠡᠳ ᠦ᠋ᠨ ᠬᠠᠮᠢᠭ᠎ᠠ ᠭᠠᠷᠤᠭᠰᠠᠨ ᠬᠡᠷᠡᠭ ᠢ᠋ ᠬᠠᠮᠢᠭ᠎ᠠ ᠨᠢ ᠰᠢᠢᠳᠪᠦᠷᠢᠯᠡᠪᠡᠯ ᠳᠡᠭᠡᠷ᠎ᠡ ᠭᠡᠰᠡᠨ ᠢᠳᠬᠠᠯ ᠢ᠋ ᠵᠥᠪᠰᠢᠶᠡᠷᠡᠵᠦ ᠭᠦᠶᠦᠭ᠂ ᠪᠦᠷᠢ ᠶ᠋ᠢ ᠪᠠᠷᠠᠭᠤᠨᠰᠢ ᠪᠠᠲᠤ ᠶ᠋ᠢᠨ ᠳᠡᠷᠭᠡᠳᠡ ᠪᠤᠴᠠᠭᠠᠵᠠᠢ᠃ ᠭᠦᠶᠦᠭ ᠵᠡᠭᠦᠨ ᠧᠦ᠋ᠷᠣᠫᠠ ᠳ᠋ᠤ᠌ ᠬᠦᠷᠴᠦ ᠠᠶᠠᠨ ᠲᠡᠢᠨ ᠢ᠋ᠶ᠋ᠡᠨ ᠦᠷᠭᠦᠯᠵᠢᠯᠡᠨ ᠬᠢᠭᠰᠡᠨ ᠪᠠᠢᠨ᠎ᠠ᠃ ᠲᠡᠷᠡ ᠪᠠᠲᠤ ᠲᠠᠢ ᠬᠠᠮᠲᠤ ᠡᠮᠦᠨᠡᠲᠦ ᠣᠷᠣᠰ᠂ ᠪᠣᠯᠭᠠᠷᠢ᠂ ᠬᠠᠩᠭᠠᠷᠢ ᠵᠡᠷᠭᠡ ᠤᠯᠤᠰ ᠲᠤ᠌ ᠳᠣᠪᠲᠣᠯᠤᠯᠲᠠ ᠬᠢᠪᠡ᠃ 1241 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌ ᠥᠭᠡᠳᠡᠢ ᠬᠠᠭᠠᠨ ᠨᠠᠰᠤ ᠪᠠᠷᠠᠬᠤ ᠦᠶ᠎ᠡ ᠳ᠋ᠦ᠍ ᠭᠦᠶᠦᠭ ᠬᠠᠩᠭᠠᠷᠢ ᠤᠯᠤᠰ ᠲᠤ᠌ ᠪᠠᠢᠯᠳᠤᠵᠤ ᠪᠠᠢᠵᠠᠢ᠃ 1242 ᠣᠨ ᠳ᠋ᠤ᠌ ᠲᠡᠷᠡ ᠡᠨᠡ ᠬᠦ᠌ ᠵᠣᠯ ᠪᠤᠰᠤ ᠴᠢᠮᠡᠭᠡ ᠶ᠋ᠢ ᠣᠯᠵᠤ ᠰᠣᠨᠣᠰᠤᠭᠠᠳ᠂ ᠳᠠᠷᠠᠭ᠎ᠠ ᠵᠢᠯ ᠦ᠋ᠨ ᠬᠠᠪᠤᠷ ᠡᠴᠢᠭᠡ ᠬᠠᠭᠠᠨ ᠤ᠋ ᠪᠠᠨ ᠪᠡᠯᠪᠡᠰᠦᠷᠡᠯ ᠳ᠋ᠦ᠍ ᠣᠷᠣᠯᠴᠠᠬᠤ ᠪᠠᠷ ᠵᠡᠭᠦᠨᠰᠢ ᠪᠤᠴᠠᠪᠠ᠃

ᠲᠡᠭᠦᠨ ᠢ᠋ ᠬᠠᠭᠠᠨ ᠳ᠋ᠤ᠌ ᠡᠷᠭᠦᠮᠵᠢᠯᠡᠬᠦ ᠶᠡᠬᠡ ᠬᠤᠷᠠᠯᠲᠠᠢ 1246 ᠣᠨ ᠤ᠋ 6-7 ᠰᠠᠷ᠎ᠠ ᠳ᠋ᠤ᠌ ᠥᠭᠡᠳᠡᠢ ᠬᠠᠭᠠᠨ ᠤ᠋ ᠵᠤᠰᠠᠯᠠᠩ ᠲᠠᠮᠢᠷ ᠤ᠋ᠨ ᠰᠢᠷ᠎ᠠ ᠣᠷᠳᠣᠨ ᠤ᠋ ᠭᠠᠵᠠᠷ ᠪᠣᠯᠵᠠᠢ᠃ ᠬᠤᠷᠠᠯᠲᠠᠢ ᠳ᠋ᠤ᠌ ᠭᠠᠳᠠᠨ᠎ᠠ ᠳᠣᠲᠣᠨ᠎ᠠ ᠡᠴᠡ ᠢᠷᠡᠭᠰᠡᠨ ᠵᠥᠪᠬᠡᠨ ᠡᠯᠴᠢ᠂ ᠲᠥᠯᠥᠭᠡᠯᠡᠭᠴᠢ ᠨᠠᠷ ᠤ᠋ᠨ ᠲᠣᠭ᠎ᠠ 4000 ᠭᠠᠷᠴᠤ ᠪᠠᠢᠵᠠᠢ᠃ ᠡᠩ ᠲᠡᠷᠢᠭᠦᠨ ᠳ᠋ᠦ᠍ ᠲᠤᠯᠤᠢ ᠶ᠋ᠢᠨ ᠬᠠᠲᠤᠨ ᠰᠣᠷᠬᠤᠭᠲᠠᠨᠢ ᠪᠡᠬᠢ ᠬᠥᠪᠡᠭᠦᠳ ᠦ᠋ᠨ ᠬᠠᠮᠲᠤ᠂ ᠳᠣᠷᠣᠨ᠎ᠠ ᠵᠦᠭ ᠡᠴᠡ ᠣᠲᠴᠢᠭᠢᠨ ᠨᠣᠶᠠᠨ᠂ ᠡᠯᠵᠢᠭᠢᠳᠡᠢ ᠨᠣᠶᠠᠨ ᠨᠠᠷ᠂ ᠥᠷᠥᠨ᠎ᠡ ᠵᠦᠭ ᠡᠴᠡ ᠬᠠᠷᠠᠬᠦᠯᠦᠭ᠂ ᠶᠢᠰᠦᠨᠢᠮᠥᠢᠩᠬᠡ᠂ ᠪᠦᠷᠢ᠂ ᠪᠠᠢᠳᠠᠷ᠂ ᠶᠢᠰᠦᠨᠲᠡᠮᠦᠷ ᠲᠡᠷᠢᠭᠦᠲᠡᠢ ᠴᠠᠭᠠᠲᠠᠢ ᠶ᠋ᠢᠨ ᠦᠷ᠎ᠡ ᠠᠴᠢ ᠨᠠᠷ᠂ ᠪᠠᠰᠠ ᠣᠷᠣᠰ ᠤ᠋ᠨ ᠰᠤᠵᠠᠳᠠᠯ ᠮᠣᠵᠢ ᠶ᠋ᠢᠨ ᠸᠠᠩ ᠢᠷᠣᠰᠯᠠᠪ᠂ ᠬᠢᠲᠠᠳ᠂ ᠰᠣᠯᠣᠩᠭᠣᠰ ᠲᠤ᠌ ᠪᠠᠢᠭᠰᠠᠨ ᠬᠡᠰᠡᠭ ᠨᠣᠶᠠᠳ᠂ ᠪᠠᠭᠠᠳ ᠲᠤ᠌᠂ ᠢᠰᠦᠮᠠᠢᠯ᠂ ᠹᠷᠠᠨᠼᠢ ᠵᠡᠷᠭᠡ ᠤᠯᠤᠰ ᠣᠷᠣᠨ ᠤ᠋ ᠡᠯᠴᠢ ᠨᠠᠷ ᠬᠦᠷᠦᠯᠴᠡᠨ ᠢᠷᠡᠭᠰᠡᠨ ᠪᠥᠭᠡᠳ ᠷᠣᠮ ᠤ᠋ᠨ ᠫᠠᠫ ᠯᠠᠮᠠ ᠶ᠋ᠢᠨ ᠢᠯᠡᠭᠡᠭᠰᠡᠨ ᠺᠠᠲ᠋ᠣᠯᠢᠭ ᠱᠠᠰᠢᠨ ᠤ᠋ ᠳᠣᠮᠢᠨᠢᠺᠠᠨ ᠶᠣᠰᠣᠨ ᠤ᠋ ᠭᠡᠯᠦᠩ ᠫᠯᠠᠨ᠎ᠠ ᠺᠠᠷᠫᠢᠨᠢ ᠲᠡᠷᠢᠭᠦᠲᠡᠢ ᠬᠥᠮᠦᠰ ᠪᠠᠢᠯᠴᠠᠭᠰᠠᠨ ᠪᠠᠢᠨ᠎ᠠ᠃ ᠡᠨᠡ ᠬᠤᠷᠠᠯᠲᠠᠢ ᠳ᠋ᠤ᠌ ᠠᠯᠲᠠᠨ ᠣᠷᠳᠣᠨ ᠤ᠋ ᠬᠠᠭᠠᠨ ᠪᠠᠲᠤ ᠪᠡᠶ᠎ᠡ ᠡᠪᠡᠳᠴᠢᠲᠡᠢ ᠭᠡᠰᠡᠨ ᠰᠢᠯᠲᠠᠭ ᠵᠢᠭᠠᠵᠤ ᠣᠷᠣᠯᠴᠠᠭᠰᠠᠨ ᠦᠭᠡᠢ᠂ ᠳᠡᠭᠦᠦ ᠪᠡᠷᠬᠡ ᠵᠡᠷᠭᠡ ᠨᠣᠶᠠᠳ ᠢ᠋ ᠶᠠᠪᠤᠭᠤᠯᠵᠠᠢ᠃ ᠬᠤᠷᠠᠯᠳᠠᠢ ᠶ᠋ᠢᠨ ᠦᠶ᠎ᠡ ᠪᠡᠷ ᠡᠢᠨᠬᠦ ᠣᠯᠠᠨ ᠬᠥᠮᠦᠨ ᠴᠤᠭᠯᠠᠵᠤ᠂ ᠬᠣᠶᠠᠷ ᠮᠢᠩᠭᠠᠭᠠᠳ ᠠᠰᠠᠷ ᠮᠠᠢᠬᠠᠨ᠂ ᠬᠡᠳᠦᠨ ᠮᠢᠩᠭᠠᠨ ᠭᠡᠷ᠂ ᠲᠡᠷᠭᠡ ᠪᠥᠭᠡᠭᠡᠨᠡᠷᠡᠭᠡᠳ ᠪᠠᠭᠤᠬᠤ ᠰᠠᠭᠤᠬᠤ ᠭᠠᠵᠠᠷ ᠣᠯᠳᠠᠬᠤ ᠦᠭᠡᠢ᠂ ᠢᠳᠡᠰᠢ ᠤᠤᠭᠤᠰᠢᠨ ᠤ᠋ ᠵᠦᠢᠯ ᠦᠯᠦ ᠬᠦᠷᠦᠯᠴᠡᠨ᠂ ᠦᠨ᠎ᠡ ᠨᠢ ᠭᠠᠭᠠᠷᠠᠨ ᠨᠡᠮᠡᠭᠳᠡᠭᠰᠡᠨ ᠭᠡᠮᠡᠨ ᠡᠬᠢ ᠰᠤᠷᠪᠤᠯᠵᠢ ᠳ᠋ᠤ᠌ ᠲᠡᠮᠳᠡᠭᠯᠡᠵᠡᠢ᠃
ᠭᠦᠶᠦᠭ ᠶᠡᠬᠡ ᠬᠠᠭᠠᠨ ᠤ᠋ ᠣᠷᠣ ᠰᠠᠭᠤᠭᠠᠳ ᠶᠠᠭᠤᠨ ᠤ᠋ ᠡᠮᠦᠨ᠎ᠡ ᠲᠥᠷᠥ ᠶ᠋ᠢᠨ ᠡᠷᠬᠡ ᠮᠠᠲᠠᠯ ᠪᠤᠯᠢᠶᠠᠴᠠᠯᠳᠤᠬᠤ ᠬᠡᠷᠡᠭ ᠲᠦ᠍ ᠢᠳᠡᠪᠬᠢ ᠲᠡᠢ ᠣᠷᠣᠯᠴᠠᠭᠰᠠᠳ ᠢ᠋ ᠴᠡᠭᠡᠷᠯᠡᠭᠦᠯᠦᠨ ᠰᠢᠳᠬᠡᠵᠡᠢ᠃ ᠡᠬᠡ ᠳᠦᠷᠭᠡᠨ᠎ᠡ ᠬᠠᠳᠠᠨ ᠤ᠋ ᠬᠦᠴᠦ ᠨᠥᠯᠥᠭᠡ ᠶ᠋ᠢ ᠬᠢᠵᠠᠭᠠᠷᠯᠠᠨ ᠳᠠᠷᠤᠬᠤ ᠪᠠᠷ ᠲᠡᠭᠦᠨ ᠦ᠌ ᠰᠢᠳᠠᠷᠯᠠᠭᠴᠢ ᠣᠯᠵᠠᠨ ᠤ᠋ ᠫᠧᠷᠰ ᠡᠮᠡᠭᠲᠡᠢ ᠹᠠᠲᠤᠮᠠᠭ ᠪᠠᠷᠢᠵᠤ ᠴᠠᠭᠠᠵᠠ ᠪᠠᠷ ᠠᠪᠠᠴᠢᠨ 《ᠭᠣᠳᠠᠨ ᠢ᠋ ᠬᠣᠣᠷᠯᠠᠨ ᠠᠯᠠᠭᠰᠠᠨ ᠤ᠋ ᠤᠴᠢᠷ ᠬᠣᠷᠣᠪᠠ》 ᠭᠡᠵᠦ ᠵᠠᠷᠯᠠᠵᠠᠢ᠃ ᠲᠡᠭᠦᠨ ᠦ᠌ ᠳᠠᠷᠠᠭ᠎ᠠ ᠪᠠᠷ ᠣᠲᠴᠢᠭᠢᠨ ᠨᠣᠶᠠᠨ ᠢ᠋ ᠴᠠᠭᠠᠵᠠ ᠪᠠᠷ ᠠᠪᠠᠴᠢᠭᠰᠠᠨ ᠪᠠᠢᠨ᠎ᠠ᠃ ᠮᠥᠨ ᠳᠦᠷᠭᠡᠨ᠎ᠡ᠂ ᠣᠲᠴᠢᠭᠢᠨ ᠨᠠᠷ ᠤ᠋ᠨ ᠵᠦᠭ ᠡᠴᠡ ᠲᠥᠷᠥ ᠶ᠋ᠢᠨ ᠡᠷᠬᠡ ᠪᠤᠯᠢᠶᠠᠯᠴᠠᠯᠳᠤᠬᠤ ᠳ᠋ᠤ᠌ ᠲᠤᠰᠠᠯᠠᠵᠤ ᠪᠠᠢᠭᠰᠠᠨ ᠪᠤᠰᠤᠳ ᠬᠥᠮᠦᠰ ᠢ᠋ ᠨᠢᠭᠡᠨ ᠠᠳᠠᠯᠢ ᠴᠡᠭᠡᠷᠯᠡᠭᠦᠯᠦᠨ ᠰᠢᠳᠬᠡᠵᠡᠢ᠃
ᠭᠦᠶᠦᠭ ᠬᠠᠭᠠᠨ ᠤ᠋ ᠠᠪᠤᠭᠰᠠᠨ ᠥᠭᠡᠷ᠎ᠡ ᠨᠢᠭᠡ ᠠᠷᠭ᠎ᠠ ᠬᠡᠮᠵᠢᠶ᠎ᠡ ᠪᠣᠯ ᠳᠦᠷᠭᠡᠨ᠎ᠡ ᠬᠠᠳᠠᠨ ᠤ᠋ ᠦᠶ᠎ᠡ ᠳ᠋ᠦ᠍ ᠬᠠᠪᠴᠢᠭᠳᠠᠵᠤ ᠣᠭᠴᠣᠷᠠᠭᠰᠠᠨ ᠰᠠᠢᠳ᠂ ᠲᠦᠰᠢᠮᠡᠳ ᠢ᠋ ᠬᠠᠭᠤᠴᠢᠨ ᠲᠤᠰᠢᠶᠠᠯ ᠳ᠋ᠤ᠌ ᠡᠷᠭᠢᠭᠦᠯᠦᠨ ᠳᠡᠪᠰᠢᠭᠦᠯᠦᠭᠰᠡᠨ ᠶᠠᠪᠤᠳᠠᠯ ᠶᠤᠮ᠃ ᠴᠢᠩᠭᠠᠢ ᠶ᠋ᠢ ᠥᠪᠡᠷ ᠦ᠋ᠨ ᠳᠡᠷᠭᠡᠳᠡ ᠠᠪᠴᠤ᠂ ᠳᠠᠬᠢᠨ ᠴᠢᠩᠰᠠᠩ ᠲᠠᠯᠪᠢᠭᠠᠳ᠂ ᠮᠢᠬᠠᠮᠤᠳ ᠢᠯᠠᠪᠤᠴᠢ ᠶ᠋ᠢ ᠬᠢᠲᠠᠳ ᠭᠠᠵᠠᠷ ᠤ᠋ᠨ ᠳᠠᠷᠤᠭᠠᠴᠢ ᠪᠣᠯᠭᠠᠵᠤ᠂ ᠲᠦᠺᠧᠰᠲᠠᠨ᠂ ᠮᠠᠤᠧᠷᠠᠨᠠᠬᠢᠷ ᠬᠣᠶᠠᠷ ᠢ᠋ ᠮᠠᠰᠤᠳ ᠪᠧᠺ ᠲᠦ᠍ ᠥᠭᠴᠦ ᠬᠤᠷᠠᠭᠰᠠᠨ᠂ ᠢᠷᠠᠺ᠂ ᠠᠽᠧᠷᠪᠠᠢᠵᠠᠨ᠂ ᠰᠢᠷᠸᠠᠨ᠂ ᠯᠤᠷ᠂ ᠺᠧᠷᠮᠠᠨ᠂ ᠬᠦᠷᠦᠵᠦ ᠵᠡᠷᠭᠡ ᠶ᠋ᠢ ᠠᠷᠭᠣᠨ ᠢ᠋ᠶ᠋ᠠᠷ ᠵᠠᠬᠢᠷᠤᠭᠤᠯᠵᠠᠢ᠃ ᠳᠦᠷᠭᠡᠨ᠎ᠡ ᠬᠠᠳᠠᠨ ᠤ᠋ ᠵᠠᠷᠯᠢᠭ ᠡᠷᠬᠡ ᠵᠡᠷᠭᠡ ᠶ᠋ᠢ ᠬᠦᠴᠦᠨ ᠦᠭᠡᠢ ᠪᠣᠯᠭᠠᠵᠤ᠂ ᠬᠡᠷᠬᠡ᠂ ᠪᠢᠴᠢᠭ ᠵᠣᠷᠭ᠎ᠠ ᠪᠠᠷ ᠣᠯᠭᠣᠬᠤ ᠶ᠋ᠢ ᠴᠠᠭᠠᠵᠠᠯᠠᠵᠠᠢ᠃ ᠬᠠᠷᠢᠨ ᠥᠭᠡᠳᠡᠢ ᠬᠠᠭᠠᠨ ᠤ᠋ ᠦᠶ᠎ᠡ ᠶ᠋ᠢᠨ ᠬᠡᠷᠬᠡ ᠵᠠᠷᠯᠢᠭ ᠢ᠋ ᠬᠦᠴᠦᠨ ᠲᠡᠭᠦᠯᠳᠡᠷ ᠦᠯᠡᠳᠡᠭᠡᠪᠡ᠃

1246 ᠣᠨ ᠳ᠋ᠤ᠌ ᠭᠦᠶᠦᠭ ᠬᠠᠭᠠᠨ ᠧᠦ᠋ᠷᠣᠫᠠ ᠶ᠋ᠢᠨ ᠷᠣᠮ ᠤ᠋ᠨ ᠱᠠᠰᠢᠨ ᠤ᠋ ᠬᠠᠭᠠᠨ ᠡᠴᠡ ᠲᠣᠮᠢᠯᠠᠭᠰᠠᠨ ᠫᠯᠠᠨ ᠺᠠᠷᠫᠢᠨ ᠢ᠋ ᠬᠦᠯᠢᠶᠡᠨ ᠠᠪᠴᠤ ᠠᠭᠤᠯᠵᠠᠪᠠ᠃ ᠲᠡᠷᠡ ᠥᠪᠡᠷ ᠦ᠋ᠨ ᠠᠯᠳᠠᠷᠲᠤ ᠵᠣᠬᠢᠶᠠᠯ 《ᠫᠯᠠᠨ ᠺᠠᠷᠫᠢᠨ ᠤ᠋ ᠵᠢᠭᠤᠯᠴᠢᠯᠠᠯ ᠤ᠋ᠨ ᠲᠡᠮᠳᠡᠭᠯᠡᠯ》 ᠳ᠋ᠡᠭᠡᠨ ᠭᠦᠶᠦᠭ ᠬᠠᠭᠠᠨ ᠢ᠋᠄ 《ᠶᠡᠬᠡ ᠬᠠᠭᠠᠨ ᠤ᠋ ᠨᠠᠰᠤᠨ ᠰᠡᠭᠦᠳᠡᠷ ᠨᠢ ᠪᠠᠷᠤᠭ ᠳᠥᠴᠢ ᠡᠴᠡ ᠳᠥᠴᠢᠨ ᠲᠠᠪᠤᠲᠠᠢ ᠪᠠᠢᠬᠤ ᠪᠤᠶᠤ ᠡᠰᠡᠬᠦᠯ᠎ᠡ ᠠᠷᠠᠢ ᠵᠢᠭᠠᠬᠠᠨ ᠠᠬ᠎ᠠ ᠴᠦ ᠪᠠᠢᠵᠤ ᠮᠡᠳᠡᠨ᠎ᠡ᠃ ᠲᠡᠭᠦᠨ ᠦ᠌ ᠪᠡᠶ᠎ᠡ ᠪᠢᠯᠳᠠᠷ ᠨᠢ ᠲᠡᠢᠮᠦ ᠴᠦ ᠥᠨᠳᠥᠷ ᠪᠢᠰᠢ᠂ ᠬᠣᠯᠠ ᠶ᠋ᠢ ᠪᠣᠳᠣᠯᠬᠢᠯᠠᠳᠠᠭ ᠬᠤᠷᠴᠠ ᠰᠠᠮᠪᠠᠭᠠᠯᠢᠭ ᠡᠷ᠎ᠡ ᠮᠥᠷᠲᠡᠭᠡᠨ ᠬᠠᠲᠠᠭᠤ ᠰᠢᠷᠦᠭᠦᠨ ᠵᠠᠩ ᠲᠠᠢ᠂ ᠬᠡᠷᠰᠡᠦ ᠪᠤᠯᠭᠤᠮᠵᠢᠭᠤᠨ ᠬᠥᠮᠦᠨ᠃ ᠲᠡᠭᠦᠨ ᠳ᠋ᠦ᠍ ᠴᠠᠭ ᠢᠮᠠᠭᠲᠠ ᠪᠠᠷ᠎ᠠ ᠪᠣᠯᠵᠤ ᠶᠠᠪᠤᠭᠴᠢ ᠾᠷᠢᠰᠲ᠋ᠣᠰ ᠤ᠋ᠨ ᠱᠠᠰᠢᠨᠲᠠᠨ ᠤ᠋ ᠬᠡᠯᠡᠬᠦ ᠪᠡᠷ ᠪᠣᠯ ᠡᠨᠡ ᠬᠠᠭᠠᠨ ᠤ᠋ ᠬᠥᠩᠭᠡᠨ ᠬᠠᠭᠤᠮᠠᠭᠠᠢ ᠮᠦᠰᠢᠶᠡᠵᠦ ᠱᠣᠭᠯᠠᠬᠤ ᠪᠤᠶᠤ ᠳᠤᠷ᠎ᠠ ᠲᠠᠪᠠ ᠪᠠᠷ ᠢ᠋ᠶ᠋ᠠᠨ ᠶᠠᠪᠤᠵᠤ ᠰᠠᠭᠤᠬᠤ ᠶ᠋ᠢ ᠬᠡᠨ ᠴᠦ ᠶᠡᠷᠦ ᠣᠯᠵᠤ ᠦᠵᠡᠭᠰᠡᠨ ᠤᠳᠠᠭ᠎ᠠ ᠦᠭᠡᠢ ᠭᠡᠨ᠎ᠡ ᠁》 ᠭᠡᠵᠦ ᠪᠢᠴᠢᠵᠡᠢ᠃ ᠫᠯᠠᠨ ᠺᠠᠷᠫᠢᠨ ᠵᠡᠷᠭᠡ ᠬᠥᠮᠦᠰ ᠭᠦᠶᠦᠭ ᠬᠠᠭᠠᠨ ᠤ᠋ ᠡᠮᠦᠨ᠎ᠡ ᠰᠥᠭᠥᠳᠴᠦ᠂ ᠱᠠᠰᠢᠨ ᠤ᠋ ᠬᠠᠭᠠᠨ ᠡᠴᠡ ᠭᠦᠶᠦᠭ ᠬᠠᠭᠠᠨ ᠳ᠋ᠤ᠌ ᠦᠭᠭᠦᠭᠰᠡᠨ ᠵᠠᠬᠢᠳᠠᠯ ᠢ᠋ ᠤᠩᠰᠢᠭᠰᠠᠨ ᠪᠠᠢᠨ᠎ᠠ᠃ ᠲᠡᠷᠡ ᠵᠠᠬᠢᠳᠠᠯ ᠤ᠋ᠨ ᠠᠭᠤᠯᠭ᠎ᠠ ᠨᠢ ᠭᠣᠣᠯᠳᠠᠭᠤ ᠬᠠᠭᠠᠨᠲᠤ ᠮᠣᠩᠭᠣᠯ ᠤᠯᠤᠰ ᠤ᠋ᠨ ᠥᠷᠥᠨᠡᠳᠠᠬᠢᠨ ᠳ᠋ᠤ᠌ ᠬᠢᠭᠰᠡᠨ ᠲᠡᠢᠨ ᠪᠠᠢᠯᠳᠤᠭᠠᠨ ᠢ᠋ ᠰᠢᠭᠦᠮᠵᠢᠯᠡᠵᠦ᠂ ᠬᠡᠷᠪᠡ ᠡᠨᠡ ᠬᠦ᠌ ᠠᠵᠢᠯᠯᠠᠭ᠎ᠠ ᠪᠠᠨ ᠵᠣᠭᠰᠣᠬᠤ ᠦᠭᠡᠢ ᠪᠣᠯ ᠰᠠᠬᠢᠭᠤᠯᠰᠤᠨ ᠢ᠋ ᠬᠢᠯᠢᠩᠨᠡᠭᠦᠯᠦᠨ᠎ᠡ ᠭᠡᠵᠦ ᠰᠦᠷᠳᠡᠭᠦᠯᠦᠨ ᠬᠡᠯᠡᠪᠡ᠃ ᠡᠭᠦᠨ ᠦ᠌ ᠵᠡᠷᠭᠡᠴᠡᠭᠡ ᠪᠡᠷ ᠮᠣᠩᠭᠣᠯᠴᠤᠳ ᠢ᠋ ᠾᠷᠢᠰᠲ᠋ᠣᠰ ᠤ᠋ᠨ ᠱᠠᠰᠢᠨ ᠳ᠋ᠤ᠌ ᠣᠷᠣᠬᠤ ᠶ᠋ᠢ ᠬᠦᠰᠡᠭᠰᠡᠨ ᠪᠠᠢᠵᠠᠢ᠃ ᠭᠦᠶᠦᠭ ᠬᠠᠭᠠᠨ ᠶᠡᠬᠡ ᠪᠢᠴᠢᠭᠡᠴᠢ ᠬᠢᠩᠭᠠᠢ ᠪᠠᠷ ᠬᠠᠷᠢᠭᠤ ᠵᠠᠬᠢᠳᠠᠯ ᠪᠢᠴᠢᠭᠦᠯᠪᠡ᠃ ᠁

1247 ᠣᠨ ᠤ᠋ ᠡᠪᠦᠯ ᠬᠥᠮᠦᠨ ᠠᠮᠠ ᠶ᠋ᠢᠨ ᠲᠣᠭᠠᠯᠠᠯᠭ᠎ᠠ ᠶᠠᠪᠤᠭᠤᠯᠤᠭᠰᠠᠨ ᠪᠠᠢᠨ᠎ᠠ᠃ ᠡᠨᠡ ᠨᠢ ᠠᠯᠪᠠᠨ ᠲᠠᠲᠠᠪᠤᠷᠢ ᠶ᠋ᠢ ᠵᠢᠷᠤᠮᠯᠠᠬᠤ᠂ ᠴᠡᠷᠢᠭ ᠲᠠᠲᠠᠬᠤ ᠶ᠋ᠢ ᠴᠡᠭᠴᠡᠯᠡᠬᠦ ᠵᠣᠷᠢᠯᠭ᠎ᠠ ᠲᠠᠢ ᠪᠠᠢᠵᠠᠢ᠃
ᠭᠦᠶᠦᠭ ᠬᠠᠭᠠᠨ ᠮᠣᠩᠭᠣᠯ ᠭᠦᠷᠦᠨ ᠦ᠌ ᠳᠣᠲᠣᠭᠠᠳᠤ᠂ ᠭᠠᠳᠠᠭᠠᠳᠤ ᠪᠣᠳᠣᠯᠭ᠎ᠠ ᠳ᠋ᠤ᠌ ᠶᠡᠬᠡᠬᠡᠨ ᠠᠩᠬᠠᠷᠤᠭᠰᠠᠨ ᠡᠴᠡ ᠭᠠᠳᠠᠨ᠎ᠠ᠂ ᠡᠵᠡᠨ ᠳ᠋ᠦ᠍ ᠭᠦᠷᠦᠨ ᠦ᠌ ᠨᠤᠲᠤᠭ ᠲᠤ᠌ ᠬᠥᠮᠦᠨ ᠠᠮᠠ ᠶ᠋ᠢᠨ ᠲᠣᠭᠠᠯᠠᠯᠭ᠎ᠠ᠂ ᠠᠯᠪᠠ ᠲᠠᠲᠠᠪᠤᠷᠢ᠂ ᠴᠡᠷᠢᠭ ᠦ᠋ᠨ ᠠᠯᠪᠠᠨ ᠤ᠋ ᠲᠣᠭ᠎ᠠ ᠬᠡᠮᠵᠢᠶ᠎ᠡ ᠶ᠋ᠢ ᠲᠣᠭᠲᠠᠭᠠᠵᠠᠢ᠃

ᠭᠠᠳᠠᠭᠠᠳᠤ ᠪᠣᠳᠣᠯᠭ᠎ᠠ ᠶ᠋ᠢᠨ ᠬᠤᠪᠢ ᠳ᠋ᠤ᠌ ᠭᠦᠶᠦᠭ ᠬᠠᠭᠠᠨ ᠡᠴᠢᠭᠡ ᠶ᠋ᠢᠨ ᠪᠣᠳᠣᠯᠭ᠎ᠠ ᠶ᠋ᠢ ᠪᠠᠷᠢᠮᠲᠠᠯᠠᠵᠤ᠂ ᠪᠠᠢᠯᠳᠤᠨ ᠳᠠᠭᠠᠭᠤᠯᠤᠯ ᠢ᠋ ᠦᠷᠭᠦᠯᠵᠢᠯᠡᠭᠦᠯᠵᠡᠢ᠃ ᠤᠮᠠᠷᠠᠲᠤ ᠬᠢᠲᠠᠳ ᠤ᠋ᠨ ᠠᠯᠲᠠᠨ ᠤᠯᠤᠰ ᠢ᠋ ᠡᠵᠡᠯᠡᠵᠦ ᠳᠠᠭᠤᠰᠬᠠᠨ ᠡᠮᠦᠨᠡᠲᠦ ᠰᠦᠨ ᠤᠯᠤᠰ ᠢ᠋ ᠳᠣᠪᠲᠣᠯᠤᠨ ᠪᠠᠢᠯᠳᠤᠬᠤ ᠶ᠋ᠢ ᠰᠦᠪᠡᠭᠡᠳᠡᠢ ᠪᠠᠭᠠᠲᠤᠷ᠂ ᠴᠠᠭᠠᠨ ᠨᠣᠶᠠᠨ ᠨᠠᠷ ᠲᠤ᠌ ᠲᠤᠰᠢᠶᠠᠵᠤ ᠮᠣᠷᠳᠠᠭᠤᠯᠤᠭᠰᠠᠨ ᠪᠠᠢᠨ᠎ᠠ᠃ 1247 ᠣᠨ ᠤ᠋ ᠨᠠᠮᠤᠷ ᠡᠯᠵᠢᠭᠢᠳᠡᠢ ᠨᠣᠶᠠᠨ ᠳ᠋ᠤ᠌ ᠴᠡᠷᠢᠭ ᠥᠭᠴᠦ ᠪᠠᠷᠠᠭᠤᠨ ᠵᠦᠭ ᠦ᠋ᠨ ᠡᠵᠡᠯᠡᠭᠳᠡᠭᠡ ᠦᠭᠡᠢ ᠦᠯᠡᠳᠡᠭᠰᠡᠨ ᠢᠰᠦᠮᠠᠢᠯᠠᠲᠤ ᠶ᠋ᠢᠨ ᠵᠡᠷᠭᠡ ᠤᠯᠤᠰ ᠣᠷᠣᠨ ᠨᠤᠭᠤᠳ ᠢ᠋ ᠪᠠᠢᠯᠳᠤᠨ ᠳᠠᠭᠠᠭᠤᠯᠬᠤ ᠶ᠋ᠢ ᠳᠠᠭᠠᠭᠠᠯᠭᠠᠵᠠᠢ᠃ ᠲᠡᠭᠡᠬᠦ ᠳ᠋ᠦ᠍ ᠪᠡᠨ 100 ᠮᠣᠩᠭᠣᠯ ᠠᠢᠯ ᠳᠣᠳᠣᠮ ᠡᠴᠡ ᠨᠢᠭᠡ ᠡᠷ᠎ᠡ᠂ ᠢᠷᠡᠨ ᠳ᠋ᠦ᠍ ᠪᠠᠢᠭᠰᠠᠨ ᠴᠡᠷᠢᠭ ᠦ᠋ᠨ 10 ᠬᠥᠮᠦᠨ ᠳᠣᠳᠣᠮ ᠡᠴᠡ ᠬᠣᠶᠠᠷ ᠢ᠋ ᠲᠤᠰ ᠲᠤᠰ ᠲᠠᠲᠠᠭᠤᠯᠵᠤ ᠡᠯᠵᠢᠭᠢᠳᠡᠢ ᠶ᠋ᠢᠨ ᠴᠡᠷᠢᠭ ᠲᠦ᠍ ᠬᠦᠴᠦ ᠨᠡᠮᠡᠵᠡᠢ᠃ ᠡᠯᠵᠢᠭᠢᠳᠡᠢ ᠶ᠋ᠢ ᠲᠡᠷᠢᠭᠦᠨ ᠠᠩᠭᠢ ᠪᠣᠯᠭᠠᠵᠤ ᠬᠥᠳᠡᠯᠭᠡᠭᠡᠨ ᠳ᠋ᠦ᠍ ᠬᠠᠭᠠᠨ ᠥᠪᠡᠷ ᠢ᠋ᠶ᠋ᠡᠨ 1248 ᠣᠨ ᠤ᠋ ᠡᠪᠦᠯ ᠦ᠋ᠨ ᠰᠡᠭᠦᠯ ᠰᠠᠷ᠎ᠠ ᠳ᠋ᠤ᠌ ᠭᠣᠣᠯ ᠬᠦᠴᠦ ᠶ᠋ᠢ ᠠᠪᠴᠤ ᠬᠥᠳᠡᠯᠦᠭᠰᠡᠨ ᠪᠠᠢᠨ᠎ᠠ᠃ ᠭᠡᠪᠡᠴᠦ ᠭᠦᠶᠦᠭ ᠬᠠᠭᠠᠨ ᠵᠣᠷᠢᠭᠰᠠᠨ ᠳ᠋ᠤ᠌ ᠪᠠᠨ ᠬᠦᠷᠴᠦ ᠴᠢᠳᠠᠭᠰᠠᠨ ᠦᠭᠡᠢ᠂ 1248 ᠣᠨ ᠤ᠋ 4 ᠳ᠋ᠦ᠍ᠭᠡᠷ ᠰᠠᠷ᠎ᠠ ᠳ᠋ᠤ᠌ ᠴᠠᠭᠠᠲᠠᠢ ᠶ᠋ᠢᠨ ᠤᠯᠤᠰ ᠤ᠋ᠨ ᠨᠤᠲᠤᠭ ᠲᠤ᠌ ᠰᠠᠮᠠᠷᠺᠠᠨᠳ ᠬᠣᠲᠠ ᠶ᠋ᠢᠨ ᠣᠷᠴᠢᠮ ᠨᠠᠰᠤ ᠪᠠᠷᠠᠵᠠᠢ᠃ ᠭᠦᠶᠦᠭ ᠬᠠᠭᠠᠨ ᠪᠣᠯ ᠠᠯᠤᠰ ᠤ᠋ᠨ ᠬᠠᠷᠠᠭ᠎ᠠ ᠲᠠᠢ᠂ ᠰᠦᠷᠡᠬᠡᠢ ᠰᠡᠴᠡᠨ ᠮᠡᠷᠭᠡᠨ ᠪᠣᠳᠣᠯᠭ᠎ᠠ ᠲᠠᠢ᠂ ᠴᠢᠩᠭ᠎ᠠ ᠨᠢᠮᠪᠠᠢ ᠵᠠᠩ ᠴᠢᠨᠠᠷ ᠲᠠᠢ ᠬᠥᠮᠦᠨ ᠪᠠᠢᠭᠰᠠᠨ᠃ ᠨᠢᠭᠡ ᠭᠡᠮ ᠨᠢ ᠪᠡᠶ᠎ᠡ ᠰᠥᠯ ᠲᠡᠢ ᠪᠠᠢᠵᠠᠢ᠃ ᠭᠦᠶᠦᠭ ᠬᠠᠭᠠᠨ ᠭᠤᠷᠪᠠᠨ ᠬᠥᠪᠡᠭᠦᠨ ᠲᠡᠢ᠂ ᠳᠠᠷᠤᠢ ᠬᠤᠴᠠ᠂ ᠨᠤᠬᠤ᠂ ᠬᠣᠬᠣ ᠨᠠᠷ ᠪᠣᠯᠤᠨ᠎ᠠ᠃

ᠬᠡᠳᠦᠢᠪᠡᠷ ᠭᠦᠶᠦᠭ ᠬᠠᠭᠠᠨ ᠪᠤᠰᠤᠳ ᠶᠡᠬᠡ ᠬᠠᠭᠠᠳ ᠡᠴᠡ ᠬᠠᠷᠢᠴᠠᠩᠭᠤᠢ ᠪᠣᠭᠣᠨᠢ ᠬᠤᠭᠤᠴᠠᠭᠠᠨ ᠳ᠋ᠤ᠌ ᠲᠥᠷᠥ ᠪᠠᠷᠢᠭᠰᠠᠨ ᠴᠦ᠍ ᠷᠣᠮ ᠤ᠋ᠨ ᠫᠠᠫ ᠯᠠᠮᠠ ᠪᠣᠯᠤᠨ ᠧᠦ᠋ᠷᠣᠫᠠ᠂ ᠣᠢᠷᠠᠬᠢ ᠳᠣᠷᠣᠨᠠᠲᠤ ᠶ᠋ᠢᠨ ᠣᠷᠣᠨ ᠨᠤᠭᠤᠳ ᠤ᠋ᠨ ᠲᠥᠷᠥ ᠶ᠋ᠢᠨ ᠲᠡᠷᠢᠭᠦᠨ ᠨᠠᠷ ᠲᠠᠢ ᠬᠠᠮᠤᠭ ᠤ᠋ᠨ ᠥᠷᠭᠡᠨ ᠬᠠᠷᠢᠯᠴᠠᠭ᠎ᠠ ᠲᠠᠢ ᠪᠠᠢᠭᠰᠠᠨ ᠶᠤᠮ᠃ ᠫᠠᠫ ᠯᠠᠮ᠎ᠠ ᠶ᠋ᠢᠨ ᠡᠯᠴᠢ ᠫᠯᠠᠨ᠎ᠠ ᠺᠠᠷᠫᠢᠨᠢ ᠲᠡᠭᠦᠨ ᠢ᠋ ᠶᠡᠬᠡ ᠬᠠᠭᠠᠨ ᠳ᠋ᠤ᠌ ᠡᠷᠭᠦᠮᠵᠢᠯᠡᠬᠦ ᠶᠣᠰᠣᠯᠠᠯ ᠳ᠋ᠤ᠌ ᠣᠷᠣᠯᠴᠠᠭᠰᠠᠨ ᠪᠣᠯ ᠮᠥᠨ ᠫᠠᠫ ᠤ᠋ᠨ ᠢᠯᠡᠭᠡᠭᠰᠡᠨ ᠭᠡᠯᠦᠩ ᠠᠰᠼᠧᠯᠢᠨ ᠺᠷᠧᠮᠣᠨ᠂ ᠰᠢᠮᠣᠨ ᠳᠧ ᠰᠧᠨ-ᠺᠸᠧᠨᠲ᠋ᠢᠨ ᠨᠠᠷ ᠠᠷᠠᠺᠰ ᠭᠣᠣᠯ ᠤ᠋ᠨ ᠬᠥᠨᠳᠡᠢ ᠳ᠋ᠤ᠌ ᠪᠠᠢᠷᠢᠯᠠᠵᠤ ᠪᠠᠢᠭᠰᠠᠨ ᠮᠣᠩᠭᠣᠯ ᠴᠡᠷᠢᠭ ᠦ᠋ᠨ ᠵᠠᠩᠵᠤᠨ ᠤ᠋  ᠦᠷᠭᠦᠭᠡᠨ ᠳ᠋ᠦ᠍ ᠬᠦᠷᠦᠯᠴᠡᠨ ᠢᠷᠡᠵᠡᠢ᠃ ᠮᠣᠩᠭᠣᠯᠴᠤᠳ ᠤ᠋ᠨ ᠶᠣᠰᠣ ᠵᠠᠩᠰᠢᠯ ᠤ᠋ᠨ ᠲᠠᠯ᠎ᠠ ᠪᠠᠷ ᠶᠠᠮᠠᠷ ᠴᠦ᠍ ᠲᠥᠰᠦᠭᠡᠯᠡᠯ ᠦᠭᠡᠢ ᠲᠡᠷᠡᠪᠡᠷ ᠭᠠᠷ ᠬᠣᠭᠣᠰᠣᠨ ᠢᠷᠡᠭᠰᠡᠨ ᠲᠡᠳᠦᠢ ᠦᠭᠡᠢ ᠮᠣᠩᠭᠣᠯ ᠨᠣᠶᠠᠨ ᠤ᠋ ᠡᠮᠦᠨ᠎ᠡ ᠡᠪᠦᠳᠦᠭ ᠰᠥᠬᠥᠷᠡᠬᠦ ᠡᠴᠡ ᠲᠠᠲᠠᠭᠠᠯᠵᠠᠭᠰᠠᠨ ᠲᠤᠯᠠ ᠲᠡᠭᠦᠨ ᠢ᠋ ᠪᠠᠢᠵᠤ ᠵᠠᠩᠵᠤᠨ ᠳ᠋ᠤ᠌ ᠪᠠᠷᠠᠭᠤᠯᠤᠯ ᠦᠭᠡᠢ ᠨᠤᠲᠤᠭ ᠪᠤᠴᠠᠭᠠᠭᠰᠠᠨ ᠢ᠋ᠶ᠋ᠠᠷ ᠲᠡᠷᠡ ᠪᠡᠷ ᠢᠷᠡᠭᠰᠡᠨ ᠬᠡᠷᠡᠭ ᠵᠣᠷᠢᠭ ᠢ᠋ᠶ᠋ᠠᠨ ᠪᠦᠲᠦᠭᠡᠭᠡ ᠦᠭᠡᠢ ᠠᠵᠠᠢ᠃
ᠲᠡᠭᠦᠨ ᠢ᠋ ᠨᠤᠲᠤᠭ ᠪᠤᠴᠠᠬᠤ ᠳ᠋ᠤ᠌ ᠨᠢ ᠪᠠᠢᠵᠤ ᠨᠣᠶᠠᠨ ᠬᠣᠶᠠᠷ ᠡᠯᠴᠢ ᠳᠠᠭᠠᠯᠳᠤᠭᠤᠯᠵᠤ᠂ ᠢᠯᠢᠭᠡᠴᠢ ᠪᠡᠨ ᠲᠡᠷᠡ ᠬᠣᠶᠠᠷ ᠡᠯᠴᠢ ᠶ᠋ᠢᠨ ᠨᠢᠭᠡ ᠨᠢ ᠠᠶᠤᠪᠧᠭ ᠬᠡᠮᠡᠬᠦ ᠵᠠᠭᠠᠯᠮᠠᠢ ᠱᠠᠰᠢᠨ ᠲᠠᠢ ᠲᠦᠷᠺ ᠬᠡᠯᠡᠲᠡᠨ ᠨᠥᠭᠥᠭᠡᠬᠢ ᠨᠢ ᠰᠧᠷᠭᠢᠰ ᠬᠡᠮᠡᠬᠦ ᠨᠧᠰᠲ᠋ᠣᠷᠢᠨ ᠱᠠᠰᠢᠨ ᠲᠠᠢ ᠰᠢᠷᠢ ᠬᠥᠮᠦᠨ ᠪᠠᠢᠵᠠᠢ᠃ ᠲᠡᠳᠡ ᠨᠠᠷ 1248 ᠣᠨ ᠤ᠋ ᠵᠤᠨ ᠹᠷᠠᠨᠼᠢ ᠶ᠋ᠢᠨ ᠯᠢᠨ ᠬᠣᠲᠣᠩ ᠢ᠋ᠶ᠋ᠠᠨ ᠬᠦᠷᠦᠯᠴᠡᠨ ᠢᠷᠡᠵᠡᠢ᠃ ᠫᠠᠫ ᠲᠤ᠌ ᠪᠠᠢᠵᠤ ᠨᠣᠶᠠᠨ ᠤ᠋ ᠢᠯᠡᠭᠡᠭᠰᠡᠨ ᠬᠠᠷᠢᠭᠤ ᠵᠠᠬᠢᠳᠠᠯ ᠠᠭᠤᠯᠭ᠎ᠠ ᠶ᠋ᠢᠨ ᠬᠤᠪᠢ ᠳ᠋ᠤ᠌ ᠶᠡᠬᠡ ᠬᠠᠭᠠᠨ ᠦᠭᠡᠢ ᠶ᠋ᠢᠨ ᠫᠠᠫ IV ᠢᠨᠨᠣᠺᠧᠨᠲᠦᠢᠳ ᠪᠢᠴᠢᠭᠰᠡᠨ ᠵᠠᠬᠢᠳᠠᠯ ᠲᠠᠢ ᠢᠵᠢᠯ ᠪᠠᠢᠭᠰᠠᠨ ᠠᠵᠢ᠃ ᠲᠡᠢᠮᠦ ᠡᠴᠡ ᠮᠣᠩᠭᠣᠯ ᠤ᠋ᠨ ᠡᠯᠴᠢ ᠳ᠋ᠦ᠍ ᠬᠠᠷᠢᠭᠤ ᠵᠠᠬᠢᠳᠠᠯ ᠠᠳᠬᠤᠭᠤᠯᠤᠭᠠᠳ ᠳᠠᠷᠤᠢ ᠨᠤᠲᠤᠭ ᠪᠤᠴᠠᠭᠠᠭᠰᠠᠨ ᠪᠠᠢᠨ᠎ᠠ᠃

ᠭᠦᠶᠦᠭ ᠬᠠᠭᠠᠨ ᠤ᠋ ᠲᠠᠮᠠᠭ᠎ᠠ ᠶ᠋ᠢᠨ ᠪᠢᠴᠢᠭ

ᠮᠥᠩᠬᠡ ᠲᠡᠭᠷᠢ ᠶ᠋ᠢᠨ 
ᠬᠦᠴᠦᠨ ᠳ᠋ᠦ᠍ᠷ ᠶᠡᠬᠡ ᠮᠣᠩᠭᠣᠯ 
ᠤᠯᠤᠰ ᠤ᠋ᠨ ᠳᠠᠯᠠᠢ ᠶ᠋ᠢᠨ 
ᠬᠠᠭᠠᠨ ᠤ᠋ ᠵᠠᠷᠯᠢᠭ ᠡᠯ᠎ᠡ ᠪᠣᠯᠭᠠᠨ 
ᠢᠷᠭᠡᠨ ᠳ᠋ᠦ᠍ᠷ ᠬᠦᠷᠪᠡᠰᠦ 
ᠠᠶᠤᠲᠤᠭᠠᠢ ᠪᠢᠰᠢᠷᠡᠲᠦᠭᠡᠢ

ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ ᠳ᠋ᠦ᠍ ᠪᠤᠴᠠᠬᠤДалайн монгол түүхийн өрөөд буцах