ᠫᠣᠷᠲ᠋ᠦ᠋ᠭᠠᠯ ᠳ᠋ᠤ᠌ 27 ᠨᠠᠰᠤᠲᠠᠢ ᠰᠤᠹᠢᠶᠠ ᠯᠠᠭᠤ ᠪᠦᠰᠡᠭᠦᠢ ᠰᠣᠭᠲᠣᠭᠤ ᠪᠠᠷ ᠲᠡᠷᠭᠡ ᠵᠢᠯᠣᠭᠣᠳᠤᠭᠰᠠᠨ ᠠ᠋ᠴᠠ ᠵᠠᠮ ᠤ᠋ᠨ ᠴᠠᠭᠳᠠᠭ᠎ᠠ ᠰᠠᠭᠠᠲᠠᠭᠤᠯᠵᠤ ᠤᠯᠠᠮ ᠢ᠋ᠶ᠋ᠠᠷ ᠪᠦᠷ ᠰᠢᠭᠦᠬᠦ ᠳ᠋ᠦ᠍ ᠰᠢᠯᠵᠢᠪᠡ᠃ ᠡᠮᠡᠭᠲᠡᠢ ᠰᠣᠭᠲᠣᠭᠤ ᠪᠠᠷ ᠲᠡᠷᠭᠡ ᠵᠢᠯᠣᠭᠣᠳᠬᠤ ᠳ᠋ᠤ᠌ ᠣᠨᠣᠭᠳᠠᠳᠠᠭ ᠰᠢᠢᠳᠬᠡᠯ ᠡᠴᠡ ᠮᠤᠯᠲᠤᠷᠠᠬᠤ ᠶ᠋ᠢᠨ ᠲᠥᠯᠥᠭᠡ ᠲᠤᠬᠠᠢ ᠶ᠋ᠢᠨ ᠨᠤᠲᠤᠭ ᠳᠤ ᠪᠠᠨ ᠮᠠᠰᠢ ᠰᠠᠢᠨ ᠳ᠋ᠤ᠌ ᠲᠣᠭᠠᠴᠠᠭᠳᠠᠳᠠᠭ ᠥᠮᠥᠭᠯᠡᠭᠴᠢ ᠶ᠋ᠢ ᠬᠥᠯᠥᠰᠥᠯᠡᠵᠡᠢ᠃ ᠥᠮᠥᠭᠯᠡᠭᠴᠢ ᠥᠪᠡᠷ ᠦ᠋ᠨ ᠬᠠᠮᠤᠭ ᠴᠢᠳᠠᠪᠤᠷᠢ ᠤᠷ᠎ᠠ ᠤᠬᠠᠭᠠᠨ ᠢ᠋ ᠠᠰᠢᠭᠯᠠᠨ ᠰᠤᠹᠢᠶᠠ ᠪᠦᠰᠡᠭᠦᠢ ᠶ᠋ᠢ ᠶᠠᠯ᠎ᠠ ᠦᠭᠡᠢ ᠰᠠᠯᠭᠠᠵᠤ ᠥᠭᠪᠡ᠃ ᠲᠣᠬᠢᠶᠠᠯᠳᠤᠵᠤ ᠪᠣᠯᠬᠤ ᠠᠶᠤᠯ ᠠ᠋ᠴᠠ ᠣᠭᠲᠣᠬᠠᠨ ᠴᠦ᠍ ᠰᠤᠷᠭᠠᠮᠵᠢ ᠠᠪᠤᠭ᠎ᠠ ᠦᠭᠡᠢ ᠰᠤᠹᠢᠶᠠ ᠯᠠᠭᠤ ᠰᠢᠢᠳᠬᠡᠭᠦᠯᠬᠦ ᠦᠭᠡᠢ ᠪᠡᠷ ᠰᠠᠯᠤᠭᠰᠠᠨ ᠢ᠋ᠶ᠋ᠠᠨ ᠲᠡᠮᠳᠡᠭᠯᠡᠬᠦ ᠪᠡᠷ ᠰᠥᠨᠢ ᠶ᠋ᠢᠨ ᠴᠡᠩᠭᠡᠭᠦᠨ ᠦ᠌ ᠭᠠᠵᠠᠷ ᠲᠤ ᠣᠷᠣᠵᠤ ᠤᠬᠠᠭᠠᠨ ᠠᠯᠳᠠᠲᠠᠯ᠎ᠠ ᠪᠠᠨ ᠰᠣᠭᠲᠣᠵᠠᠢ᠃ ᠠᠬᠢᠭᠠᠳ ᠯᠠ ᠰᠣᠭᠲᠣᠭᠤ ᠪᠠᠷ ᠲᠡᠷᠭᠡ ᠵᠢᠯᠣᠭᠣᠳᠤᠯᠠ᠃ ᠱᠠᠯ ᠰᠣᠭᠲᠣᠭᠤ ᠪᠦᠰᠡᠭᠦᠢ ᠶᠠᠪᠤᠵᠤ ᠪᠠᠢᠭᠠᠳ ᠨᠢᠭᠡ ᠬᠥᠮᠦᠨ ᠢ᠋ ᠳᠠᠭᠠᠷᠢᠵᠠᠢ᠃ ᠨᠥᠭᠦᠭᠡ ᠣᠰᠣᠯ ᠳ᠋ᠤ᠌ ᠥᠷᠲᠥᠭᠰᠡᠨ ᠬᠥᠮᠦᠨ ᠲᠤᠩ ᠬᠦᠨᠳᠦ ᠪᠠᠢᠳᠠᠯ ᠲᠠᠢ ᠡᠮᠨᠡᠯᠭᠡ ᠳ᠋ᠦ᠍ ᠬᠦᠷᠭᠡᠭᠳᠡᠵᠦ᠂ ᠬᠢᠵᠦ ᠪᠣᠯᠬᠤ ᠪᠦᠬᠦᠢᠯᠡ ᠠᠷᠭ᠎ᠠ ᠬᠡᠮᠵᠢᠶ᠎ᠡ ᠶ᠋ᠢ ᠠᠪᠤᠭᠰᠠᠨ ᠴᠦ᠍ ᠲᠡᠩᠬᠡᠷᠡᠯ ᠠᠪᠤᠯ ᠦᠭᠡᠢ ᠥᠭᠡᠳᠡ ᠪᠣᠯᠪᠠ᠃ ᠰᠤᠹᠢᠶᠠ ᠯᠠᠭᠤ ᠪᠦᠰᠡᠭᠦᠢ ᠱᠣᠷᠣᠩ ᠳ᠋ᠤ᠌ ᠣᠷᠣᠭᠠᠳ ᠬᠡᠳᠦ ᠬᠣᠨᠣᠭᠰᠠᠨ ᠤ᠋ ᠪᠠᠨ ᠳᠠᠷᠠᠭ᠎ᠠ ᠥᠪᠡᠷ ᠲᠤᠨᠢ ᠳᠠᠭᠠᠷᠢᠭᠤᠯᠵᠤ ᠠᠮᠢ ᠪᠠᠨ ᠠᠯᠳᠠᠭᠰᠠᠨ ᠡᠷᠡᠭᠲᠡᠢ ᠥᠪᠡᠷ ᠢ᠋ ᠨᠢ ᠰᠣᠭᠲᠣᠭᠤ ᠪᠠᠷ ᠲᠡᠷᠭᠡ ᠵᠢᠯᠣᠭᠣᠳᠤᠭᠰᠠᠨ ᠶᠠᠯ᠎ᠠ ᠠ᠋ᠴᠠ ᠬᠡᠯᠲᠦᠷᠢᠭᠦᠯᠵᠦ ᠥᠭᠭᠦᠭᠰᠡᠨ ᠥᠮᠥᠭᠯᠡᠭᠴᠢ ᠪᠠᠢᠭᠰᠠᠨ ᠢ᠋ ᠣᠯᠵᠤ ᠮᠡᠳᠡᠪᠡ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ