ᠴᠠᠭ ‍ᠤᠨ ᠴᠠᠭᠠᠨ ᠰᠢᠪᠠᠭᠤ ᠪᠤᠶᠤ ᠵᠡᠯᠡᠨ ‍ᠦ ᠰᠢᠯᠦᠭ - ᠱ᠂ ᠭᠦᠷᠦᠪᠠᠽᠠᠷ Цагийн цагаан шувуу буюу зэлний шүлэг - Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ‍ᠤᠨ ᠴᠠᠭᠠᠨ ᠰᠢᠪᠠᠭᠤ ᠪᠤᠶᠤ ᠵᠡᠯᠡᠨ ‍ᠦ ᠰᠢᠯᠦᠭ - ᠱ᠂ ᠭᠦᠷᠦᠪᠠᠽᠠᠷ Цагийн цагаан шувуу буюу зэлний шүлэг - Ш᠂ Гүрбазар

ᠴᠠᠭ ‍ᠤᠨ ᠴᠠᠭᠠᠨ ᠰᠢᠪᠠᠭᠤ ᠪᠤᠶᠤ ᠵᠡᠯᠡᠨ ‍ᠦ ᠰᠢᠯᠦᠭ - ᠱ᠂ ᠭᠦᠷᠦᠪᠠᠽᠠᠷ Цагийн цагаан шувуу буюу зэлний шүлэг - Ш᠂ Гүрбазар

2025-05-02

326


         ᠱ᠂ ᠭᠦᠷᠦᠪᠠᠽᠠᠷ  

 ᠴᠠᠭ ᠤ᠋ᠨ ᠴᠠᠭᠠᠨ ᠰᠢᠪᠠᠭᠤ ᠵᠡᠭᠦᠳᠦᠨ ᠳ᠋ᠦ᠍ ᠵᠡᠯᠡᠯᠡᠬᠦ ᠶ᠋ᠢᠨ ᠴᠠᠭ ᠲᠤ 
 ᠴᠠᠢ ᠶ᠋ᠢᠨ ᠢ᠋ᠶ᠋ᠡᠨ ᠳᠡᠭᠡᠵᠢ ᠶ᠋ᠢ ᠡᠷᠭᠦᠵᠦ ᠶᠠᠪᠤᠭᠰᠠᠨ ᠡᠵᠢ ᠶ᠋ᠢᠨ ᠮᠢᠨᠢ ᠪᠤᠶᠠᠨ ᠪᠠᠢᠯᠭᠦᠢ 
 ᠦᠷ᠎ᠡ ᠶ᠋ᠢᠨ ᠢ᠋ᠶ᠋ᠡᠨ ᠦᠷ᠎ᠡ ᠶ᠋ᠢ ᠦᠵᠡᠬᠦ ᠬᠣᠷᠸ᠎ᠠ ᠶ᠋ᠢᠨ ᠵᠢᠷᠭᠠᠯ ᠢ᠋ ᠲᠣᠰᠴᠤ 
 ᠡᠭᠦᠳᠡᠨ ᠦ᠌ ᠰᠢᠷ᠎ᠠ ᠢᠰᠡᠭᠡᠢ ᠡᠴᠡ ᠪᠡᠨ ᠦᠨᠡᠭᠡ ᠬᠠᠢᠴᠢᠯᠠᠵᠤ ᠪᠢ ᠡᠪᠦᠭᠡ ᠪᠣᠯᠤᠯ᠎ᠠ  

 ᠬᠠᠴᠠᠷ ᠳᠡᠭᠡᠷ᠎ᠡ ᠪᠡᠨ ᠰᠢᠬᠢᠷ ᠵᠢᠷᠤᠭᠰᠠᠨ 
 ᠬᠠᠯᠲᠠᠷ ᠵᠢᠭᠡ ᠮᠢᠨᠢ 
 ᠠᠯᠲᠠᠨ ᠳᠣᠮᠣᠭ ᠨᠠᠳᠠ ᠪᠠᠷ ᠡᠰᠬᠡᠭᠦᠯᠦᠭᠰᠡᠨ 
 ᠠᠮᠢᠨ ᠴᠡᠩᠬᠡᠷ ᠦᠷᠭᠦᠯᠵᠢᠯᠡᠯ ᠮᠢᠨᠢ  

 ᠰᠠᠷᠠ ᠬᠬᠢᠷᠲᠦᠬᠦ ᠳ᠋ᠦ᠍ ᠳᠡᠷᠭᠡᠳᠡ ᠴᠢᠨᠢ ᠦᠯᠢᠭᠡᠷ ᠵᠣᠬᠢᠶᠠᠬᠤ ᠶ᠋ᠢᠨ ᠲᠤᠯᠠ 
 ᠡᠪᠦᠭᠡ ᠨᠢ ᠤᠬᠠᠭᠠᠨ ᠲᠠᠢ ᠪᠠᠢᠬᠤ ᠠ᠋ᠴᠠ ᠠᠷᠭ᠎ᠠ ᠦᠭᠡᠢ ᠨᠢ 
 ᠰᠠᠨᠠᠭᠠᠨ ᠤ᠋ ᠴᠤᠯᠪᠤᠭᠤᠷ ᠠᠳᠬᠤᠲᠠᠯ᠎ᠠ ᠴᠢᠨᠢ 
 ᠥᠨᠳᠥᠷ ᠰᠡᠭᠦᠳᠡᠷ ᠢ᠋ᠶ᠋ᠡᠷ ᠢ᠋ᠶ᠋ᠡᠨ ᠨᠥᠮᠥᠷᠬᠦ ᠡᠴᠡ ᠠᠷᠭ᠎ᠠ ᠦᠭᠡᠢ ᠨᠢ  

 ᠠᠭᠤᠯᠠ ᠶ᠋ᠢᠨ ᠰᠠᠯᠬᠢᠨ ᠳ᠋ᠤ᠌ ᠲᠠᠭᠠᠷᠠᠭᠤᠯᠬᠤ ᠦᠭᠡᠢ ᠭᠡᠵᠦ 
 ᠳᠡᠪᠡᠯ ᠳ᠋ᠡᠭᠡᠨ ᠠᠰᠠᠬᠤ ᠠ᠋ᠴᠠ ᠴᠦ᠍ ᠠᠷᠭ᠎ᠠ ᠦᠭᠡᠢ ᠨᠢ 
 ᠤᠬᠠᠭᠠᠨ ᠰᠠᠭᠤᠲᠠᠯ᠎ᠠ ᠴᠢᠨᠢ ᠡᠪᠦᠭᠡ ᠨᠢ 
 ᠳᠡᠷᠭᠡᠳᠡ ᠴᠢᠨᠢ ᠪᠠᠢᠬᠤ ᠠ᠋ᠴᠠ ᠠᠷᠭ᠎ᠠ ᠦᠭᠡᠢ ᠨᠢ  

 ᠪᠤᠷᠬᠠᠨ ᠠ᠋ᠴᠠ ᠨᠠᠰᠤ ᠭᠤᠶᠤᠭᠰᠠᠨ 
 ᠭᠤᠶᠤᠯᠭᠠᠴᠢᠨ ᠪᠠᠢᠬᠤ ᠠ᠋ᠴᠠ ᠴᠦ᠍ ᠠᠷᠭ᠎ᠠ ᠦᠭᠡᠢ ᠨᠢ 
 ᠪᠣᠯᠵᠤ ᠯᠠ ᠥᠭᠪᠡᠯ ᠬᠥᠮᠦᠨ ᠳ᠋ᠦ᠍ ᠣᠴᠢᠬᠤ ᠶ᠋ᠢ ᠨᠢ ᠴᠦ᠍ ᠬᠦᠷᠲᠡᠯ᠎ᠡ ᠦᠵᠡᠬᠦ ᠰᠠᠨ ᠭᠡᠵᠦ 
 ᠪᠤᠶᠠᠨ ᠤ᠋ ᠨᠠᠢ᠍ᠮᠠᠨ ᠲᠠᠷᠨᠢ ᠶ᠋ᠢ ᠰᠢᠪᠡᠨᠡᠵᠦ ᠰᠠᠭᠤᠬᠤ ᠠ᠋ᠴᠠ ᠠᠷᠭ᠎ᠠ ᠦᠭᠡᠢ ᠨᠢ  

 ᠴᠠᠭ ᠤ᠋ᠨ ᠴᠠᠭᠠᠨ ᠰᠢᠪᠠᠭᠤ ᠶ᠋ᠢ 
 ᠵᠤᠯᠠᠢ ᠳᠡᠭᠡᠷ᠎ᠡ ᠨᠢ ᠡᠷᠭᠢᠯᠳᠦᠭᠦᠯᠦᠨ 
 ᠵᠢᠭᠡ ᠶ᠋ᠢᠨ ᠢ᠋ᠶ᠋ᠡᠨ ᠲᠥᠯᠥᠭᠡ ᠡᠪᠦᠭᠡ ᠨᠢ 
 ᠵᠡᠯᠡᠯᠡᠵᠦ ᠪᠠᠢᠬᠤ ᠠ᠋ᠴᠠ ᠠᠷᠭ᠎ᠠ ᠦᠭᠡᠢ ᠨᠢ᠃  

       ᠦᠰᠦᠭ ᠠᠮᠢᠯᠠᠭᠤᠯᠤᠭᠴᠢ᠄ ᠡᠩᠬᠡᠪᠠᠲᠤ  
          ᠦᠰᠦᠭ ᠬᠢᠨᠠᠭᠴᠢ᠄ ᠪᠠᠶᠠᠷᠴᠡᠴᠡᠭ