ᠥᠬᠢᠨ ᠵᠠᠶᠠᠭᠠᠨ— ᠬᠠᠢᠷᠠᠲᠤ ᠥᠬᠢᠨ ᠣᠳᠣᠨ ᠳ᠋ᠤ᠌ ᠪᠠᠨ-ᠬᠡᠷᠡᠢᠳ ᠮᠥᠩᠬᠡᠨᠠᠰᠤᠨ Охин заяан— хайрт охин одондоо-Хэрэйд Мөнхнасан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠬᠢᠨ ᠵᠠᠶᠠᠭᠠᠨ— ᠬᠠᠢᠷᠠᠲᠤ ᠥᠬᠢᠨ ᠣᠳᠣᠨ ᠳ᠋ᠤ᠌ ᠪᠠᠨ-ᠬᠡᠷᠡᠢᠳ ᠮᠥᠩᠬᠡᠨᠠᠰᠤᠨ Охин заяан— хайрт охин одондоо-Хэрэйд Мөнхнасан

ᠥᠬᠢᠨ ᠵᠠᠶᠠᠭᠠᠨ— ᠬᠠᠢᠷᠠᠲᠤ ᠥᠬᠢᠨ ᠣᠳᠣᠨ ᠳ᠋ᠤ᠌ ᠪᠠᠨ-ᠬᠡᠷᠡᠢᠳ ᠮᠥᠩᠬᠡᠨᠠᠰᠤᠨ Охин заяан— хайрт охин одондоо-Хэрэйд Мөнхнасан

2025-05-09

546

ᠥᠬᠢᠨ ᠵᠠᠶᠠᠭᠠᠨ— ᠬᠠᠢᠷᠠᠲᠤ ᠥᠬᠢᠨ ᠣᠳᠣᠨ ᠳ᠋ᠤ᠌ ᠪᠠᠨ

        ᠵᠣᠬᠢᠶᠠᠭᠴᠢ᠄ ᠬᠡᠷᠡᠢᠳ ᠮᠥᠩᠬᠡᠨᠠᠰᠤᠨ 
        ᠤᠶᠠᠩᠭᠠᠯᠠᠭᠴᠢ᠄ ᠰᠣᠯᠣᠩᠭ᠎ᠠ 


ᠡᠮᠵᠡᠭ ᠪᠦᠬᠦᠨ ᠢ᠋ ᠠᠪᠴᠤ 
ᠡᠨᠡ ᠬᠣᠷᠸ᠎ᠠ ᠳ᠋ᠤ᠌ 
ᠡᠩᠬᠦᠷᠡᠢ ᠳᠠᠭᠤᠤ ᠪᠠᠨ ᠳᠠᠭᠤᠷᠢᠰᠤᠭᠤᠯᠵᠤ 
ᠥᠬᠢᠨ ᠪᠡᠶ᠎ᠡ ᠪᠡᠷ ᠵᠠᠶᠠᠭᠠᠵᠤ 

ᠡᠩᠭᠡᠷ ᠲᠦ᠍ ᠮᠢᠨᠢ ᠨᠢᠯᠬᠠᠷᠠᠵᠤ 
ᠡᠩ ᠦᠭᠡᠢ ᠶᠡᠬᠡ ᠪᠠᠶᠠᠰᠤᠯ ᠢ᠋ᠶ᠋ᠠᠷ 
ᠡᠬᠡ ᠪᠣᠯᠭᠠᠨ ᠨᠠᠮᠠᠶ᠋ᠢ ᠳᠡᠭᠡᠳᠦᠯᠡᠵᠦ 
ᠡᠰᠡᠷᠸ᠎ᠠ ᠲᠩᠷᠢ ᠳ᠋ᠦ᠍ ᠣᠳᠣᠨ ᠭᠡᠷᠡᠯᠲᠦᠭᠦᠯᠵᠦ 

ᠡᠮᠨᠢᠭ ᠣᠩᠭᠣᠳ ᠢ᠋ᠶ᠋ᠠᠷ ᠨᠠᠮᠠᠶ᠋ᠢ ᠳᠠᠭᠤᠳᠠᠵᠤ 
ᠬᠠᠢᠷ᠎ᠠ ᠶ᠋ᠢᠨ ᠰᠢᠪᠰᠢᠭᠡ ᠦᠶᠡᠷᠯᠡᠭᠦᠯᠵᠦ 
ᠬᠠᠨ ᠬᠣᠷᠸ᠎ᠠ ᠳ᠋ᠤ᠌ ᠵᠠᠶᠠᠭ᠎ᠠ ᠪᠠᠨ
ᠳᠡᠭᠡᠳᠦᠯᠡᠭᠰᠡᠨ ᠥᠬᠢᠨ ᠮᠢᠨᠢ
 
ᠬᠦᠢ ᠶ᠋ᠢᠨ ᠮᠢᠨᠢ ᠵᠠᠯᠭᠠᠮᠵᠢ
ᠬᠥᠷᠥᠭ ᠦ᠋ᠨ ᠮᠢᠨᠢ ᠳᠠᠪᠲᠠᠮᠵᠢ
ᠬᠦᠷᠳᠦᠨ ᠽᠠᠮᠪᠤᠯᠢᠩ ᠤ᠋ᠨ ᠠᠯᠳᠠᠷᠠᠢ
ᠬᠦᠷᠬᠦ ᠴᠡᠭᠡᠯ ᠦ᠋ᠨ ᠪᠥᠮᠪᠥᠷᠡᠢ
 
ᠮᠥᠮᠥ ᠴᠢᠨᠢ ᠴᠢᠮ᠎ᠠ ᠳ᠋ᠤ᠌ ᠪᠠᠨ
ᠰᠢᠯᠦᠭ ᠬᠡᠯᠡᠵᠦ ᠪᠠᠢᠨ᠎ᠠ᠂ ᠰᠣᠨᠣᠰᠤᠭᠠᠷᠠᠢ
ᠮᠥᠩᠬᠡ ᠤᠨᠳᠤᠷᠤᠯᠲᠤ ᠬᠠᠢᠷ᠎ᠠ ᠪᠠᠷ ᠢ᠋ᠶ᠋ᠠᠨ
ᠰᠢᠪᠰᠢᠩᠭᠡᠨ ᠳᠠᠭᠤᠯᠠᠵᠤ ᠪᠠᠢᠨ᠎ᠠ
 
ᠳᠠᠭᠤᠤ ᠰᠢᠭ᠋ ᠰᠣᠯᠣᠩᠭᠠᠨ ᠬᠣᠷᠸ᠋᠎ᠠ ᠳ᠋ᠤ᠌ 
ᠨᠣᠲ ᠰᠢᠭ᠋ ᠤᠶᠠᠩᠭᠠᠷᠠᠵᠤ ᠶᠠᠪᠤᠭᠠᠷᠠᠢ
ᠳᠣᠮᠣᠭ ᠤ᠋ᠨ ᠭᠡᠭᠡᠨ ᠣᠷᠴᠢᠯᠠᠩ ᠳ᠋ᠤ᠌
ᠭᠡᠷᠡᠯ ᠦ᠋ᠨ ᠳᠠᠢᠲᠠᠢ ᠭᠢᠯᠠᠰᠤᠭᠠᠷᠠᠢ

   ᠦᠰᠦᠭ ᠠᠮᠢᠯᠠᠭᠤᠯᠤᠭᠴᠢ᠄ᠬᠡᠷᠡᠢᠳ· ᠮᠥᠩᠬᠡᠨᠠᠰᠤᠨ 
   ᠦᠰᠦᠭ ᠬᠠᠲᠠᠭᠴᠢ᠄ ᠥᠯᠵᠡᠢᠪᠠᠭᠠᠲᠤᠷ 
   ᠬᠢᠨᠠᠭᠴᠢ᠄ ᠣᠳᠬᠠᠨᠰᠣ᠎ᠠ