ᠳᠥᠷᠭᠡᠨ᠎ᠡ ᠲᠥᠷᠥ ᠭᠦᠷᠦᠨ ᠢ᠋ ᠳᠦᠢᠪᠡᠭᠡᠭᠰᠡᠨ-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡДөргэнэ дөр гүрнийг түйвээсэн
ᠳᠥᠷᠭᠡᠨ᠎ᠡ ᠲᠥᠷᠥ ᠭᠦᠷᠦᠨ ᠢ᠋ ᠳᠦᠢᠪᠡᠭᠡᠭᠰᠡᠨ-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ
ᠲᠥᠷᠭᠡᠨ᠎ᠡ ᠪᠣᠯ ᠥᠭᠡᠳᠡᠢ ᠬᠠᠭᠠᠨ ᠤ᠋ ᠵᠢᠷᠭᠤᠳᠤᠭᠠᠷ ᠬᠠᠲᠤᠨ ᠪᠣᠯᠤᠨ᠎ᠠ᠃ ᠨᠠᠢ᠍ᠮᠠᠨ ᠠᠢᠮᠠᠭ ᠤ᠋ᠨ ᠬᠥᠮᠦᠨ ᠮᠥᠨ ᠪᠣᠯᠠᠠᠤᠷ ᠪᠠᠰᠠ ᠨᠠᠢ᠍ᠮᠠᠨᠵᠢᠨ ᠬᠠᠲᠤᠨ ᠭᠡᠵᠦ ᠨᠡᠷᠡᠯᠡᠳᠡᠭ ᠶᠦᠮ᠃
ᠲᠥᠷᠭᠡᠨ᠎ᠡ ᠬᠠᠲᠤᠨ ᠤᠤᠯ ᠨᠢ ᠮᠡᠷᠭᠢᠳ ᠠᠢᠮᠠᠭ ᠤ᠋ᠨ ᠲᠦᠷᠦᠭᠦᠦ ᠳᠤᠠᠠᠳᠤᠭᠠ ᠪᠡᠬᠢ ᠶ᠋ᠢᠨ ᠠᠬᠠᠮᠠᠳ ᠬᠥᠪᠡᠭᠦᠨ ᠬᠣᠲᠣ ᠶ᠋ᠢᠨ ᠬᠠᠲᠤᠨ ᠪᠠᠢᠵᠠᠢ᠃ 1204 ᠣᠨ ᠳ᠋ᠤ᠌᠂ ᠴᠢᠩᠭᠢᠰ ᠬᠠᠭᠠᠨ ᠮᠡᠷᠭᠢᠳ ᠠᠢᠮᠠᠭ ᠢ᠋ ᠪᠤᠲᠠ ᠴᠣᠬᠢᠵᠤ᠂ ᠲᠥᠷᠭᠡᠨ᠎ᠡ ᠵᠡᠷᠭᠡ ᠬᠥᠮᠦᠰ ᠢ᠋ ᠣᠯᠵᠠᠯᠠᠭᠠᠳ᠂ ᠥᠪᠡᠷ ᠦ᠋ᠨ ᠭᠤᠷᠪᠠᠳᠤᠭᠠᠷ ᠬᠥᠪᠡᠭᠦᠨ ᠥᠭᠡᠳᠡᠢ ᠳ᠋ᠦ᠍ ᠲᠥᠷᠭᠡᠨ᠎ᠡ ᠶ᠋ᠢ ᠭᠡᠷᠭᠡᠢ ᠪᠣᠯᠭᠠᠨ ᠥᠭᠭᠦᠭᠰᠡᠨ ᠪᠠᠢᠵᠠᠢ᠃
1241 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌ ᠥᠭᠡᠳᠡᠢ ᠬᠠᠭᠠᠨ ᠲᠡᠭᠷᠢ ᠳ᠋ᠦ᠍ ᠬᠠᠯᠢᠭᠰᠠᠨ ᠤ᠋ ᠳᠠᠷᠠᠭ᠎ᠠ᠂ ᠠᠷᠭ᠎ᠠ ᠤᠬᠠᠭᠠᠨ ᠠᠪᠢᠶᠠᠰ ᠴᠢᠳᠠᠪᠤᠷᠢ ᠬᠣᠣᠰᠯᠠᠭᠰᠠᠨ ᠲᠥᠷᠭᠡᠨ᠎ᠡ ᠬᠠᠲᠤᠨ ᠲᠦᠷ ᠴᠠᠭ ᠲᠥᠷᠥ ᠶ᠋ᠢ ᠵᠠᠬᠢᠷᠪᠠ᠃
ᠲᠥᠷᠭᠡᠨ᠎ᠡ ᠬᠠᠲᠤᠨ ᠲᠥᠷᠥ ᠶ᠋ᠢ ᠵᠠᠬᠢᠷᠤᠭᠰᠠᠨ ᠤ᠋ ᠳᠠᠷᠠᠭ᠎ᠠ᠂ ᠵᠦᠩ ᠱᠣ ᠯᠢᠩ ᠲᠦᠰᠢᠮᠡᠯ ᠶᠸᠯᠢᠤᠢ ᠴᠦᠼᠢ ᠰᠢᠨ᠎ᠡ ᠬᠠᠭᠠᠨ ᠢ᠋ ᠰᠣᠩᠭᠣᠨ ᠭᠠᠷᠭᠠᠬᠤ ᠲᠤᠬᠠᠢ ᠲᠥᠷᠭᠡᠨ᠎ᠡ ᠬᠠᠲᠤᠨ ᠳ᠋ᠤ᠌ ᠬᠡᠳᠦᠨᠲᠡ ᠰᠠᠨᠠᠭᠤᠯᠤᠭᠰᠠᠨ ᠪᠠᠢᠵᠠᠢ᠃ ᠭᠡᠲᠡᠯ᠎ᠡ ᠲᠥᠷᠭᠡᠨ᠎ᠡ ᠬᠠᠲᠤᠨ ᠬᠠᠭᠠᠨ ᠤ᠋ ᠣᠷᠣ ᠶ᠋ᠢ ᠵᠠᠯᠭᠠᠮᠵᠢᠯᠠᠭᠤᠯᠬᠤ ᠪᠠᠷ ᠵᠢᠱ᠌ᠢᠭᠰᠡᠨ ᠰᠢᠷᠡᠮᠦᠨ ᠨᠠᠰᠤ ᠪᠠᠭ᠎ᠠ᠂ ᠪᠠᠷᠠᠭᠤᠨᠰᠢ ᠳᠠᠢᠯᠠᠬᠤ ᠪᠠᠷ ᠮᠣᠷᠳᠠᠭᠰᠠᠨ ᠶᠡᠬᠡ ᠴᠡᠷᠢᠭ ᠪᠤᠴᠠᠵᠤ ᠢᠷᠡᠭᠡᠳᠦᠢ ᠪᠡᠷ ᠰᠢᠯᠲᠠᠭ ᠪᠣᠯᠭᠠᠨ ᠬᠣᠢᠰᠢᠯᠠᠭᠰᠠᠨ ᠪᠠᠢᠨ᠎ᠠ᠃
ᠥᠭᠡᠳᠡᠢ ᠬᠠᠭᠠᠨ ᠠᠮᠢᠳᠤ ᠰᠡᠷᠡᠭᠦᠨ ᠪᠠᠢᠬᠤ ᠳ᠋ᠠᠭᠠᠨ ᠳᠥᠷᠪᠡᠳᠦᠭᠡᠷ ᠬᠥᠪᠡᠭᠦᠨ ᠬᠦᠴᠦ ᠪᠡᠨ ᠬᠠᠭᠠᠨ ᠣᠷᠣ ᠶ᠋ᠢ ᠵᠠᠯᠭᠠᠮᠵᠢᠯᠠᠭᠤᠯᠠᠠᠤ ᠪᠠᠷ ᠵᠢᠱᠢᠵᠤ ᠪᠠᠢᠪᠠ᠃ ᠬᠦᠴᠦ ᠡᠮᠦᠨᠡᠲᠦ ᠰᠥᠩ ᠤᠯᠤᠰ ᠢ᠋ ᠪᠠᠢᠯᠳᠤᠬᠤ ᠪᠠᠷ ᠮᠣᠷᠳᠠᠭᠠᠳ᠂ ᠲᠡᠢᠨ ᠦ᠌ ᠲᠠᠯᠠᠪᠠᠢ ᠳ᠋ᠤ᠌ ᠨᠠᠰᠤ ᠪᠠᠷᠠᠵᠠᠢ᠃ ᠲᠡᠭᠦᠨ ᠦ᠌ ᠳᠠᠷᠠᠭ᠎ᠠ ᠥᠭᠡᠳᠡᠢ ᠬᠠᠭᠠᠨ ᠬᠦᠴᠦ ᠶ᠋ᠢᠨ ᠬᠥᠪᠡᠭᠦᠨ ᠰᠢᠷᠡᠮᠦᠨ ᠬᠢᠭᠡᠳ ᠡᠡᠴᠢ ᠬᠥᠪᠡᠭᠦᠨ ᠮᠥᠩᠬᠡ (ᠲᠣᠯᠣᠢ ᠶ᠋ᠢᠨ ᠠᠬᠠᠮᠠᠳ ᠬᠥᠪᠡᠭᠦᠨ) ᠢ᠋ ᠵᠠᠯᠭᠠᠮᠵᠢᠯᠠᠭᠴᠢ ᠪᠠᠷ ᠬᠥᠮᠦᠵᠢᠭᠦᠯᠦᠭᠰᠡᠨ ᠪᠠᠢᠵᠠᠢ᠃ ᠥᠭᠡᠳᠡᠢ ᠬᠠᠭᠠᠨ ᠨᠠᠰᠤ ᠪᠠᠷᠠᠬᠤ ᠦᠶ᠎ᠡ ᠳ᠋ᠡᠭᠡᠨ ᠰᠢᠷᠡᠮᠦᠨ ᠢ᠋ ᠬᠠᠭᠠᠨ ᠣᠷᠣ ᠵᠠᠯᠭᠠᠮᠵᠢᠯᠠᠭᠤᠯᠠᠠᠤ ᠪᠠᠷ ᠭᠡᠷᠢᠶᠡᠰᠯᠡᠭᠰᠡᠨ ᠭᠡᠨ᠎ᠡ᠃ ᠭᠡᠲᠡᠯ᠎ᠡ ᠲᠥᠷᠭᠡᠨ᠎ᠡ ᠬᠠᠲᠤᠨ ᠬᠠᠭᠠᠨ ᠤ᠋ ᠵᠠᠷᠯᠢᠭ ᠢ᠋ ᠲᠡᠷᠰᠯᠡᠵᠦ᠂ ᠶᠡᠬᠡ ᠬᠠᠭᠠᠨ ᠤ᠋ ᠣᠷᠣ ᠶ᠋ᠢ ᠥᠪᠡᠷ ᠦ᠋ᠨ ᠬᠥᠪᠡᠭᠦᠨ ᠭᠦᠶᠦᠭ ᠢ᠋ᠶ᠋ᠡᠷ ᠵᠠᠯᠭᠠᠮᠵᠢᠯᠠᠭᠤᠯᠠᠠᠤ ᠪᠠᠷ ᠵᠣᠷᠢᠭ ᠰᠢ᠌ᠤᠠᠴᠤ ᠬᠥᠶᠦᠭ ᠦ᠋ᠨ ᠪᠠᠷᠠᠭᠤᠨ ᠣᠷᠣᠨ ᠡᠴᠡ ᠪᠤᠴᠠᠵᠤ ᠢᠷᠡᠬᠦ ᠶ᠋ᠢ ᠯᠡ ᠬᠦᠯᠢᠶᠡᠨ ᠰᠠᠭᠤᠪᠠ᠃
ᠲᠥᠷᠥ ᠪᠠᠷᠢᠭᠰᠠᠨ ᠲᠥᠷᠭᠡᠨ᠎ᠡ ᠬᠠᠲᠤᠨ ᠥᠪᠡᠷ ᠦ᠋ᠨ ᠪᠠᠢᠷᠢ ᠰᠠᠭᠤᠷᠢ ᠪᠠᠨ ᠪᠠᠲᠤᠳᠬᠠᠬᠤ ᠶ᠋ᠢᠨ ᠲᠥᠯᠥᠭᠡ ᠠᠷᠭ᠎ᠠ ᠪᠦᠬᠦᠨ ᠢ᠋ ᠬᠡᠷᠡᠭᠯᠡᠵᠦ᠂ ᠨᠣᠶᠠᠳ᠂ ᠰᠠᠢᠳ ᠲᠦᠰᠢᠮᠡᠳ ᠵᠢᠴᠢ ᠴᠡᠷᠢᠭ ᠦ᠋ᠨ ᠨᠣᠶᠠᠳ ᠢ᠋ ᠴᠥᠮ ᠲᠠᠲᠠᠵᠤ ᠠᠪᠤᠭᠠᠳ ᠥᠪᠡᠷ ᠦ᠋ᠨ ᠪᠡᠶ᠎ᠡ ᠳ᠋ᠡᠭᠡᠨ ᠦᠢᠯᠡᠴᠢᠯᠡᠭᠦᠯᠬᠦ ᠪᠣᠯᠵᠠᠢ᠃ ᠡᠭᠦᠨ ᠦ᠌ ᠡᠰᠡᠷᠭᠦ ᠪᠡᠷ ᠥᠭᠡᠳᠡᠢ ᠬᠠᠭᠠᠨ ᠢ᠋ ᠠᠮᠢᠳᠤ ᠰᠡᠷᠡᠭᠦᠨ ᠪᠠᠢᠬᠤ ᠳ᠋ᠤ᠌ ᠲᠥᠷᠭᠡᠨ᠎ᠡ ᠬᠠᠲᠤᠨ ᠳ᠋ᠤ᠌ ᠳᠤᠷ᠎ᠠ ᠦᠭᠡᠢᠴᠡᠭᠰᠡᠨ ᠴᠥᠭᠡᠨ ᠰᠠᠢᠳ ᠲᠦᠰᠢᠮᠡᠳ ᠢ᠋ ᠬᠣᠣᠷᠯᠠᠵᠤ᠂ ᠪᠠᠷᠠᠭᠤᠨ ᠭᠠᠷ ᠤ᠋ᠨ ᠴᠧᠩᠰᠢᠶᠠᠩ ᠭᠢᠩᠭ᠋ᠠᠢ ᠬᠢᠭᠡᠳ ᠵᠥᠩᠲᠦ ᠪᠠᠯᠭᠠᠰᠤᠨ ᠤ᠋ ᠵᠠᠬᠢᠷᠤᠭᠴᠢ ᠶᠠᠯᠠᠸᠠᠴᠢ ᠶ᠋ᠢ ᠪᠠᠷᠢᠬᠤ ᠪᠠᠷ ᠣᠷᠣᠯᠳᠣᠪᠠ᠃ ᠭᠢᠩᠭ᠋ᠡᠢ ᠪᠣᠯᠤᠨ ᠶᠠᠯᠠᠸᠠᠴᠢ ᠪᠠᠢᠳᠠᠯ ᠪᠤᠰᠤ ᠶ᠋ᠢ ᠮᠡᠳᠡᠭᠡᠳ ᠥᠭᠡᠳᠡᠢ ᠬᠠᠭᠠᠨ ᠤ᠋ ᠬᠣᠶᠠᠳᠤᠭᠠᠷ ᠬᠥᠪᠡᠭᠦᠨ ᠬᠥᠳᠡᠨ ᠦ᠌ ᠳᠡᠷᠭᠡᠳᠡ ᠳᠤᠲᠠᠭᠠᠨ ᠣᠴᠢᠪᠠ᠃
ᠭᠢᠩᠭ᠋ᠠᠢ ᠪᠣᠯᠤᠨ ᠶᠠᠯᠠᠸᠠᠴᠢ ᠬᠥᠳᠡᠨ ᠦ᠌ ᠳᠡᠷᠭᠡᠳᠡ ᠳᠤᠲᠠᠭᠠᠨ ᠣᠴᠢᠭᠰᠠᠨ ᠳ᠋ᠤ᠌᠂ ᠬᠥᠳᠡᠨ ᠬᠡᠳᠦᠨ ᠦᠶ᠎ᠡ ᠶ᠋ᠢᠨ ᠭᠠᠪᠢᠶᠠᠲᠠᠨ ᠰᠠᠢᠳ ᠭᠡᠮᠡᠨ ᠳᠡᠷᠭᠡᠳᠡ ᠪᠡᠨ ᠦᠯᠡᠳᠡᠭᠡᠵᠦ ᠠᠪᠤᠪᠠ᠃ ᠲᠥᠷᠭᠡᠨ᠎ᠡ ᠬᠠᠲᠤᠨ ᠲᠡᠷᠡ ᠬᠣᠶᠠᠷ ᠢ᠋ ᠪᠠᠷᠢᠵᠤ ᠠᠪᠴᠢᠷᠠᠭᠤᠯᠡᠡᠤ ᠪᠠᠷ ᠡᠯᠴᠢ ᠲᠣᠮᠢᠯᠠᠨ ᠶᠠᠪᠤᠭᠤᠯᠤᠭᠰᠠᠨ ᠪᠣᠯᠪᠠᠴᠤ ᠬᠥᠳᠡᠨ ᠡᠨᠡ ᠬᠣᠶᠠᠷ ᠬᠡᠳᠦᠢ ᠶᠡᠬᠡ ᠶᠠᠯ᠎ᠠ ᠭᠡᠮ ᠲᠡᠢ ᠪᠣᠯᠤᠭᠰᠠᠨ ᠴᠤ᠌ ᠠᠯᠲᠠᠨ ᠤᠷᠤᠭ ᠤ᠋ᠨ ᠶᠡᠬᠡ ᠬᠤᠷᠠᠯᠳᠠᠢ ᠳᠡᠭᠡᠷ᠎ᠡ ᠣᠯᠠᠨ ᠢ᠋ᠶ᠋ᠠᠷ ᠢ᠋ᠶ᠋ᠠᠨ ᠵᠥᠪᠳᠡᠵᠦ ᠪᠠᠢᠭᠠᠳ ᠰᠢᠳᠬᠡᠪᠡᠯ ᠵᠣᠬᠢᠨ᠎ᠠ ᠭᠡᠳ ᠥᠭᠴᠦ ᠶᠠᠪᠤᠭᠤᠯᠤᠭᠰᠠᠨ ᠦᠭᠡᠢ᠃
ᠲᠥᠷᠭᠡᠨ᠎ᠡ ᠬᠠᠲᠤᠨ ᠲᠦᠷᠺᠰᠲ᠋ᠠᠨ ᠤ᠋ ᠣᠯᠠᠨ ᠬᠣᠲᠠ ᠪᠠᠯᠭᠠᠰᠤ ᠶ᠋ᠢ ᠵᠠᠬᠢᠷᠴᠤ ᠪᠠᠢᠭᠰᠠᠨ ᠶᠠᠯᠠᠸᠠᠴᠢ ᠶ᠋ᠢᠨ ᠬᠥᠪᠡᠭᠦᠨ ᠮᠠᠰᠢᠠᠠᠤᠳ ᠢ᠋ ᠪᠠᠰᠠ ᠪᠠᠷᠢᠬᠤ ᠪᠠᠷ ᠣᠷᠣᠯᠳᠣᠭᠰᠠᠨ ᠳ᠋ᠤ᠌᠂ ᠮᠠᠰᠢᠠᠠᠤᠳ ᠪᠠᠲᠤ ᠶ᠋ᠢᠨ ᠳᠡᠷᠭᠡᠳᠡ ᠳᠤᠲᠠᠭᠠᠨ ᠣᠴᠢᠵᠤ ᠳᠠᠯᠳᠠᠯᠠᠪᠠ᠃ ᠫᠧᠷᠰ ᠦ᠋ᠨ ᠵᠠᠬᠢᠷᠤᠭᠴᠢ ᠺᠦᠷᠭᠦᠰ ᠢ᠋ ᠪᠠᠷᠢᠪᠴᠢᠯᠠᠨ ᠡᠡᠪᠴᠢᠷᠡᠵᠤ ᠭᠢᠨᠳᠠᠨ ᠳ᠋ᠤ᠌ ᠬᠣᠷᠢᠭᠠᠳ ᠠᠷᠢᠭᠤᠨ ᠢ᠋ ᠫᠧᠷᠰ ᠦ᠋ᠨ ᠵᠠᠬᠢᠷᠤᠭᠴᠢ ᠪᠣᠯᠭᠠᠪᠠ᠃
ᠲᠥᠷᠭᠡᠨ᠎ᠡ ᠬᠠᠲᠤᠨ ᠤᠳᠦᠯᡁᠮᠡᠨ (ᠰᠠᠷᠲᠠᠭᠤᠯ ᠬᠥᠮᠦᠨ) ᠬᠢᠭᠡᠳ ᠪᠠᠳᠮ᠎ᠠ (ᠰᠠᠷᠲᠠᠭᠤᠯ ᠡᠮᠡᠭᠲᠡᠢ) ᠶ᠋ᠢ ᠬᠦᠨᠳᠦᠳᠡ ᠬᠡᠷᠡᠭᠯᠡᠵᠡᠢ᠃ ᠡᠨᠡ ᠬᠣᠶᠠᠷ ᠵᠠᠯᠢᠬᠠᠢ ᠠᠮᠢᠲᠠᠨ ᠲᠥᠷᠭᠡᠨ᠎ᠡ ᠬᠠᠲᠤᠨ ᠤ᠋ ᠡᠷᠬᠡ ᠰᠦᠷ ᠢ᠋ ᠠᠰᠢᠭᠯᠠᠵᠤ ᠣᠯᠠᠨ ᠠᠷᠪᠢᠨ ᠮᠠᠭᠤ ᠬᠡᠷᠡᠭ ᠦᠢᠯᠡᠳᠴᠦ ᠪᠠᠳᠮ᠎ᠠ ᠥᠭᠡᠳᠡᠢ ᠬᠠᠭᠠᠨ ᠤ᠋ ᠬᠥᠪᠡᠭᠦᠨ ᠬᠥᠳᠡᠨ ᠢ᠋ ᠬᠣᠣᠷ ᠢᠳᠡᠭᠦᠯᠦᠨ ᠠᠯᠠᠪᠠ᠃
ᠲᠥᠷᠭᠡᠨ᠎ᠡ ᠬᠠᠲᠤᠨ ᠲᠥᠷᠥ ᠪᠠᠷᠢᠭᠰᠠᠨ ᠬᠡᠳᠦᠨ ᠣᠨ ᠤ᠋ ᠬᠣᠭᠣᠷᠣᠨᠳᠣ ᠥᠭᠡᠳᠡᠢ ᠬᠠᠭᠠᠨ ᠤ᠋ ᠦᠶ᠎ᠡ ᠶ᠋ᠢᠨ ᠵᠠᠰᠠᠭ ᠢ᠋ ᠲᠤᠩ ᠰᠤᠯᠠᠷᠠᠭᠤᠯᠤᠭᠰᠠᠨ ᠪᠠᠢᠨ᠎ᠠ᠃
ᠲᠥᠷᠥ ᠰᠠᠮᠠᠭᠤᠷᠠᠭᠰᠠᠨ ᠵᠠᠪᠰᠢᠶᠠᠨ ᠢ᠋ ᠳᠠᠯᠢᠮᠳᠠᠭᠤᠯᠤᠨ ᠴᠢᠩᠭᠢᠰ ᠬᠠᠭᠠᠨ ᠤ᠋ ᠣᠳᠬᠣᠨ ᠳᠡᠭᠦᠦ ᠤᠳᠴᠢᠭᠢᠨ ᠨᠣᠶᠠᠨ ᠬᠠᠭᠠᠨ ᠰᠠᠭᠤᠷᠢᠨ ᠢ᠋ ᠪᠤᠯᠢᠶᠠᠨ ᠠᠪᠬᠤ ᠪᠠᠷ ᠴᠡᠷᠢᠭ ᠳᠠᠢᠴᠢᠯᠠᠨ ᠬᠠᠷᠠᠬᠣᠷᠣᠮ ᠵᠦᠭ ᠢᠷᠡᠭᠰᠡᠨ ᠪᠠᠢᠨ᠎ᠠ᠃ ᠲᠥᠷᠭᠡᠨ᠎ᠡ ᠬᠠᠲᠤᠨ ᠰᠣᠴᠢᠨ ᠰᠠᠨᠳᠤᠷᠴᠤ ᠬᠠᠷᠠᠬᠣᠷᠣᠮ ᠡᠴᠡ ᠳᠤᠲᠠᠭᠠᠨ ᠶᠠᠪᠣᠠᠠᠤ ᠪᠠᠷ ᠵᠣᠷᠢᠪᠠ᠃ ᠬᠥᠭᠰᠢᠨ ᠴᠧᠩᠰᠢᠶᠠᠩ ᠶᠧᠸᠯᠢᠤᠢ ᠴᠦᠼᠠᠢ
ᠢᠳᠬᠠᠨ ᠵᠣᠭᠰᠣᠭᠠᠭᠰᠠᠨ ᠪᠠᠢᠨ᠎ᠠ᠃ ᠲᠥᠷᠭᠡᠨ᠎ᠡ ᠬᠠᠲᠤᠨ ᠡᠯᠴᠢ ᠲᠣᠮᠢᠯᠠᠨ ᠤᠳᠴᠢᠭᠢᠨ ᠨᠣᠶᠠᠨ ᠤ᠋ ᠴᠡᠷᠢᠭᠯᠡᠭᠰᠡᠨ ᠤᠴᠢᠷ ᠢ᠋ ᠠᠰᠠᠭᠤᠯᠭᠠᠭᠰᠠᠨ ᠪᠥᠭᠡᠳ ᠣᠷᠳᠣᠨ ᠳᠣᠲᠣᠷ᠎ᠠ ᠪᠠᠢᠭᠰᠠᠨ ᠬᠥᠪᠡᠭᠦᠨ ᠢ᠋ ᠨᠢ ᠢᠯᠡᠭᠡᠵᠦ ᠢᠳᠬᠠᠭᠤᠯᠪᠠ᠃ ᠡᠨᠡ ᠦᠶ᠎ᠡ ᠳ᠋ᠦ᠍ ᠪᠠᠷᠠᠭᠤᠨᠰᠢ ᠮᠣᠷᠳᠠᠭᠰᠠᠨ ᠭᠦᠶᠦᠭ ᠶᠡᠬᠡ ᠴᠡᠷᠢᠭ ᠲᠡᠢ ᠪᠡᠨ ᠡᠮᠢᠯ ᠳ᠋ᠦ᠍ ᠬᠦᠷᠴᠦ ᠢᠷᠡᠭᠰᠡᠨ ᠪᠣᠯᠠᠠᠤᠷ ᠤᠳᠴᠢᠭᠢᠨ ᠨᠣᠶᠠᠨ ᠠᠷᠭ᠎ᠠ ᠬᠡᠷᠡᠭᠯᠡᠵᠦ ᠄ 《ᠪᠢ ᠥᠭᠡᠳᠡᠢ ᠬᠠᠭᠠᠨ ᠤ᠋ ᠪᠡᠯᠪᠡᠰᠦᠷᠡᠯ ᠳ᠋ᠦ᠍ ᠤᠷᠦᠯᠴᠡᠡᠡᠤ ᠪᠠᠷ ᠢᠷᠡᠭᠰᠡᠨ ᠡᠴᠡ ᠪᠢᠰᠢ᠂ ᠥᠭᠡᠷ᠎ᠡ ᠵᠣᠷᠢᠯᠭ᠎ᠠ ᠦᠭᠡᠢ ᠶᠤᠮ》 ᠭᠡᠵᠦ ᠲᠥᠷᠭᠡᠨ᠎ᠡ ᠬᠠᠲᠤᠨ ᠳ᠋ᠤ᠌ ᠬᠡᠯᠡᠵᠦ ᠶᠠᠪᠤᠭᠤᠯᠤᠭᠠᠳ ᠴᠡᠷᠢᠭ ᠢ᠋ᠶ᠋ᠡᠨ ᠬᠣᠷᠢᠶᠠᠨ ᠢᠷᠡᠭᠰᠡᠨ ᠵᠠᠮ ᠢ᠋ᠶ᠋ᠠᠷ ᠢ᠋ᠶ᠋ᠡᠨ ᠪᠤᠴᠠᠪᠠ᠃
ᠲᠥᠷᠭᠡᠨ᠎ᠡ ᠬᠠᠲᠤᠨ ᠵᠠᠰᠠᠭ ᠪᠠᠷᠢᠭᠰᠠᠨ ᠭᠤᠷᠪᠠᠳᠤᠭᠠᠷ ᠣᠨ ᠤ᠋ ᠬᠠᠪᠤᠷ᠂ ᠪᠠᠷᠠᠭᠤᠨᠰᠢ ᠳᠠᠢᠯᠠᠭᠰᠠᠨ ᠮᠣᠩᠭᠣᠯ ᠴᠡᠷᠢᠭ ᠵᠡᠭᠦᠨᠰᠢ ᠡᠬᠡ ᠨᠤᠲᠤᠭ ᠲᠠᠭᠠᠨ ᠪᠤᠴᠠᠵᠤ ᠢᠷᠡᠪᠡ᠃ ᠲᠥᠷᠭᠡᠨ᠎ᠡ ᠬᠠᠲᠤᠨ ᠳᠥᠷᠪᠡᠨ ᠵᠦᠭ ᠲᠦ᠍ ᠡᠯᠴᠢ ᠲᠣᠮᠢᠯᠠᠵᠤ᠂ ᠴᠢᠩᠭᠢᠰ ᠬᠠᠭᠠᠨ ᠤ᠋ ᠠᠯᠲᠠᠨ ᠤᠷᠤᠭ ᠬᠢᠭᠡᠳ ᠣᠯᠠᠨ ᠭᠠᠵᠠᠷ ᠤ᠋ᠨ ᠨᠣᠶᠠᠳ ᠲᠦᠰᠢᠮᠡᠳ ᠢ᠋ ᠶᠡᠬᠡ ᠬᠠᠭᠠᠨ ᠢ᠋ ᠰᠣᠩᠭᠣᠬᠤ ᠬᠤᠷᠠᠯᠲᠠᠢ ᠳ᠋ᠤ᠌ ᠤᠷᠢᠭᠰᠠᠨ ᠪᠠᠢᠵᠠᠢ᠃ ᠬᠤᠷᠠᠯᠲᠠᠢ ᠳ᠋ᠤ᠌ ᠠᠯᠲᠠᠨ ᠤᠷᠤᠭ ᠤ᠋ᠨ ᠣᠯᠠᠩᠬᠢ ᠨᠣᠶᠠᠳ ᠬᠦᠷᠦᠯᠴᠡᠨ ᠢᠷᠡᠪᠡ᠃ ᠭᠡᠪᠡᠴᠦ ᠭᠦᠶᠦᠭ ᠲᠡᠢ ᠵᠥᠷᠢᠴᠡᠯ ᠲᠡᠢ᠂ ᠭᠠᠪᠢᠶ᠎ᠠ ᠵᠢᠳᠬᠦᠯ ᠪᠤᠰᠤᠳ ᠡᠴᠡ ᠳᠠᠪᠠᠭᠰᠠᠨ᠂ ᠬᠥᠪᠡᠭᠦᠳ ᠦ᠋ᠨ ᠠᠬᠠᠮᠠᠳ ᠪᠠᠲᠤ ᠡᠪᠡᠳᠴᠢᠨ ᠢ᠋ᠶ᠋ᠡᠷ ᠰᠢᠯᠲᠠᠭᠯᠠᠵᠤ ᠡᠰᠡ ᠢᠷᠡᠭᠰᠡᠨ ᠪᠣᠯᠠᠠᠤᠷ᠂ ᠡᠨᠡ ᠤᠳᠠᠭ᠎ᠠ ᠶ᠋ᠢᠨ ᠬᠤᠷᠠᠯᠳᠠᠢ ᠡᠰᠡ ᠪᠦᠲᠦᠪᠡ᠃
ᠲᠥᠷᠭᠡᠨ᠎ᠡ ᠬᠠᠲᠤᠨ ᠵᠠᠰᠠᠭ ᠪᠠᠷᠢᠭᠰᠠᠨ ᠲᠠᠪᠤᠳᠤᠭᠠᠷ ᠣᠨ ᠂ ᠥᠭᠡᠷ᠎ᠡ ᠪᠡᠷ ᠬᠡᠯᠡᠪᠡᠯ 1246 ᠣᠨ ᠳ᠋ᠤ᠌᠂ ᠬᠣᠶᠠᠳᠠᠬᠢ ᠬᠠᠭᠠᠨ ᠰᠤᠩᠭ᠋ᠤᠠᠠᠤ ᠬᠤᠷᠠᠯᠲᠠᠢ ᠳᠠᠯᠠᠨ ᠳᠠᠪᠠᠭ᠎ᠠ ᠭᠡᠰᠡᠨ ᠭᠠᠵᠠᠷ ᠬᠤᠷᠠᠯᠳᠤᠪᠠ᠃ ᠲᠤᠰ ᠬᠤᠷᠠᠯᠳᠠᠢ ᠳ᠋ᠤ᠌ ᠴᠢᠩᠭᠢᠰ ᠬᠠᠭᠠᠨ ᠤ᠋ ᠠᠯᠲᠠᠨ ᠤᠷᠤᠭ ᠤ᠋ᠨ ᠣᠯᠠᠩᠬᠢ ᠨᠣᠶᠠᠳ ᠬᠦᠷᠦᠯᠴᠡᠨ ᠢᠷᠡᠭᠰᠡᠨ ᠪᠣᠯᠪᠠᠴᠤ ᠬᠢᠪᠴᠠᠭ ᠤ᠋ᠨ ᠪᠠᠲᠤ ᠬᠠᠭᠠᠨ ᠤ᠋ ᠲᠠᠯ᠎ᠠ ᠶ᠋ᠢᠨ ᠢᠷᠡᠭᠰᠡᠨ ᠦᠭᠡᠢ ᠪᠠᠢᠪᠠ᠃ ᠡᠢᠮᠦ ᠡᠴᠡ ᠲᠥᠷᠭᠡᠨ᠎ᠡ ᠬᠠᠲᠤᠨ ᠬᠡᠳᠦ ᠤᠳᠠᠭ᠎ᠠ ᠡᠯᠴᠢ ᠢᠯᠡᠭᠡᠵᠦ᠂ ᠳᠠᠬᠢᠨ ᠳᠠᠪᠲᠠᠨ ᠰᠢᠬᠠᠮᠳᠠᠭᠤᠯᠤᠭᠰᠠᠨ ᠳ᠋ᠤ᠌ ᠪᠠᠲᠤ ᠠᠷᠭ᠎ᠠ ᠦᠭᠡᠢ ᠥᠪᠡᠷ ᠦ᠋ᠨ ᠡᠡᠬ᠎ᠠ ᠳᠡᠭᠦᠦ ᠨᠠᠷ ᠢ᠋ᠶ᠋ᠡᠨ ᠥᠪᠡᠷ ᠦ᠋ᠨ ᠲᠥᠯᠥᠭᠡᠯᠡᠭᠴᠢ ᠪᠡᠷ ᠲᠣᠮᠢᠯᠠᠵᠤ᠂ ᠬᠤᠷᠠᠯᠲᠠᠢ ᠳ᠋ᠤ᠌ ᠢᠷᠡᠭᠦᠯᠦᠭᠰᠡᠨ ᠪᠠᠢᠨ᠎ᠠ᠃
1246 ᠣᠨ ᠤ᠋ ᠳᠣᠯᠣᠳᠤᠭᠠᠷ ᠰᠠᠷ᠎ᠠ ᠳ᠋ᠤ᠌᠂ ᠲᠥᠷᠭᠡᠨ᠎ᠡ ᠬᠠᠲᠤᠨ ᠤ᠋ ᠡᠷᠬᠢᠯᠡᠭᠰᠡᠨ ᠬᠤᠷᠠᠯᠲᠠᠢ ᠪᠠᠷ ᠭᠦᠶᠦᠭ ᠢ᠋ ᠬᠠᠭᠠᠨᠲᠤ ᠤᠯᠤᠰ ᠤ᠋ᠨ ᠶᠡᠬᠡ ᠬᠠᠭᠠᠨ ᠢ᠋ᠶ᠋ᠠᠷ ᠰᠣᠩᠭᠣᠪᠠ᠃
1242 - 1246 ᠣᠨ ᠬᠦᠷᠲᠡᠯ᠎ᠡ ᠲᠠᠪᠤᠨ ᠣᠨ ᠵᠠᠰᠠᠭ ᠪᠠᠷᠢᠭᠰᠠᠨ ᠲᠥᠷᠭᠡᠨ᠎ᠡ ᠬᠠᠲᠤᠨ᠂ ᠲᠡᠭᠦᠨ ᠦ᠌ ᠬᠥᠪᠡᠭᠦᠨ ᠭᠦᠶᠦᠭ ᠬᠠᠭᠠᠨ ᠰᠠᠭᠤᠷᠢᠨ ᠳ᠋ᠤ᠌ ᠰᠠᠭᠤᠭᠠᠳ᠂ ᠬᠡᠳᠦᠨ ᠰᠠᠷ᠎ᠠ ᠶ᠋ᠢᠨ ᠳᠠᠷᠠᠭ᠎ᠠ ᠲᠥᠷᠭᠡᠨ᠎ᠡ ᠬᠠᠲᠤᠨ ᠨᠥᠭᠴᠢᠭᠰᠡᠨ ᠪᠠᠢᠨ᠎ᠠ᠃

