ᠡᠷᠴᠢᠨ ᠪᠠᠭᠰᠢ ᠮᠢᠨᠢ - -ᠪᠠᠶᠠᠨ᠌ᠠᠡᠭᠤᠯᠠЭрчин багш минь- Баян-уул ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠴᠢᠨ ᠪᠠᠭᠰᠢ ᠮᠢᠨᠢ - -ᠪᠠᠶᠠᠨ᠌ᠠᠡᠭᠤᠯᠠЭрчин багш минь- Баян-уул

ᠡᠷᠴᠢᠨ ᠪᠠᠭᠰᠢ ᠮᠢᠨᠢ - -ᠪᠠᠶᠠᠨ᠌ᠠᠡᠭᠤᠯᠠЭрчин багш минь- Баян-уул

2025-05-05

13338

ᠡᠷᠴᠢᠨ ᠪᠠᠭᠰᠢ ᠮᠢᠨᠢ

       ᠵᠣᠬᠢᠶᠠᠭᠴᠢ᠄ ᠪᠠᠶᠠᠨ᠌ᠠᠠᠭᠤᠯᠠ 
       ᠤᠶᠠᠩᠭᠠᠯᠠᠭᠴᠢ᠄ ᠰᠡᠴᠡᠨᠲᠤᠶᠠᠭ᠎ᠠ 

ᠮᠥᠩᠬᠡ ᠲᠩᠷᠢ ᠰᠢᠲᠦᠭᠡᠨᠲᠦ 
ᠬᠥᠬᠡ ᠮᠣᠩᠭᠣᠯ ᠤ᠋ᠨ ᠬᠣᠢᠴᠢᠰ  
ᠪᠣᠳᠣᠨᠴᠠᠷ ᠪᠣᠭᠳᠠ ᠡᠴᠡ ᠡᠭᠦᠰᠦᠯ ᠲᠡᠢ 
ᠪᠣᠷᠵᠢᠭᠢᠨ ᠣᠪᠣᠭᠲᠠᠨ ᠤ᠋ ᠦᠷᠡᠰ 

ᠡᠬᠡᠰᠢᠭ ᠳᠣᠯᠣᠭᠠᠨ ᠦᠰᠦᠭ ᠢ᠋ 
ᠮᠡᠴᠢᠳ ᠳᠣᠯᠣᠭᠠᠨ ᠪᠤᠷᠬᠠᠳ ᠭᠡᠳᠡᠭ 
ᠡᠷᠴᠢᠨ ᠪᠠᠭᠰᠢ ᠪᠠᠨ ᠬᠣᠯᠪᠣᠶ᠎ᠠ 
ᠮᠡᠨᠳᠦ ᠶ᠋ᠢᠨ ᠬᠠᠳᠠᠭ ᠲᠠᠢ ᠵᠣᠯᠭᠠᠶ᠎ᠠ 

ᠠᠮᠵᠢᠯᠲᠠ ᠳ᠋ᠤ᠌ ᠬᠦᠷᠦᠭᠰᠡᠨ ᠬᠥᠮᠦᠨ ᠦ᠌
ᠠᠷᠤ ᠶ᠋ᠢᠨ ᠦᠯᠢᠭᠡᠷ ᠢ᠋ ᠨᠢ ᠲᠡᠮᠳᠡᠭᠯᠡᠶ᠎ᠡ
ᠥᠷᠥᠭᠡᠰᠦᠨ ᠱᠠᠬᠠᠢ ᠶ᠋ᠢᠨ ᠤᠷᠰᠢᠭ ᠢ᠋ᠶ᠋ᠠᠷ
ᠠᠷᠪᠠᠨ ᠲᠥᠭᠥᠷᠢᠭ ᠢ᠋ᠶ᠋ᠡᠷ ᠶᠠᠯᠠᠯᠠᠭᠤᠯᠵᠤ
ᠡᠳᠦᠷ ᠦ᠋ᠨ ᠣᠷᠣᠯᠭ᠎ᠠ ᠪᠠᠨ ᠬᠣᠭᠣᠰᠣᠯᠠᠭᠤᠯᠤᠭᠰᠠᠨ
ᠥᠷᠥᠪᠳᠦᠯᠲᠡᠢ ᠲᠡᠦᠬᠡ ᠶ᠋ᠢ ᠨᠢ ᠪᠢᠴᠢᠶ᠎ᠡ

ᠭᠠᠰᠢᠭᠤᠨ ᠪᠦᠬᠦᠨ ᠦ᠌ ᠠᠷᠤ ᠳ᠋ᠤ᠌ 
ᠪᠠᠶᠠᠷ ᠨᠢᠭᠤᠭᠳᠠᠳᠠᠭ ᠤ᠋ᠨ ᠭᠡᠷᠡᠴᠢ
ᠭᠠᠴᠢᠭ ᠪᠦᠬᠦᠨ ᠢ᠋ ᠲᠤᠭᠤᠯᠬᠤ ᠳ᠋ᠤ᠌
ᠵᠢᠷᠭᠠᠯ ᠢᠷᠡᠳᠡᠭ ᠦ᠋ᠨ ᠪᠠᠷᠢᠮᠲᠠ!

ᠡᠷᠯᠢᠭ ᠨᠣᠮᠣᠨ ᠬᠠᠭᠠᠨ ᠤ᠋
ᠡᠭᠦᠳᠡ ᠶ᠋ᠢ ᠲᠣᠭᠰᠢᠭᠰᠠᠨ ᠲᠡᠦᠬᠡ ᠲᠡᠢ
ᠡᠨᠧᠷᠭᠢ ᠶ᠋ᠢᠨ ᠭᠠᠢᠬᠠᠮᠰᠢᠭᠲᠤ ᠬᠦᠴᠦᠨ ᠢ᠋ᠶ᠋ᠡᠷ
ᠡᠷᠭᠢᠵᠦ ᠠᠮᠢᠯᠠᠭᠰᠠᠨ ᠠᠵᠠ ᠲᠠᠢ

ᠬᠠᠲᠠᠭᠤᠬᠠᠨ ᠬᠣᠷᠸ᠎ᠠ ᠶ᠋ᠢᠨ ᠵᠠᠢ ᠳ᠋ᠤ᠌
ᠬᠠᠯᠲᠤᠷᠢᠵᠤ ᠣᠢᠴᠢᠭᠰᠠᠨ ᠨᠠᠮᠲᠠᠷ ᠲᠠᠢ
ᠬᠠᠯᠠᠭᠤᠬᠠᠨ ᠰᠡᠳᠬᠢᠯᠳᠦ ᠪᠠᠭᠰᠢ ᠮᠢᠨᠢ
ᠬᠠᠷᠢᠭᠠᠳ ᠢᠷᠡᠭᠰᠡᠨ ᠪᠤᠶᠠᠨ ᠲᠠᠢ

ᠰᠢᠷᠤᠢᠨ ᠳ᠋ᠤ᠌ ᠪᠤᠯᠠᠭᠳᠠᠬᠤ ᠡᠴᠡ ᠠᠶᠤᠳᠠᠭ ᠦᠭᠡᠢ
ᠰᠢᠵᠢᠷ ᠠᠯᠲᠠ ᠭᠡᠵᠦ ᠲᠠ ᠪᠢᠯᠡ!
ᠰᠢᠨᠵᠢᠯᠡᠬᠦ ᠤᠬᠠᠭᠠᠨᠲᠠᠳ ᠢ᠋ ᠭᠠᠢᠬᠠᠰᠢᠷᠠᠭᠤᠯᠤᠭᠰᠠᠨ
ᠰᠢᠳᠢᠲᠦ ᠬᠥᠮᠦᠨ ᠴᠦ᠍ ᠲᠠ ᠪᠢᠯᠡ!

ᠳᠣᠮᠣᠭᠲᠤ ᠱᠣᠩᠬᠣᠷ ᠤ᠋ᠨ ᠡᠩᠭᠡᠷ᠎ᠡᠴᠡ
ᠳᠤᠮᠳᠠᠳᠤ ᠶ᠋ᠢᠨ ᠨᠡᠷᠡᠲᠦ ᠰᠤᠷᠭᠠᠭᠤᠯᠢ
ᠲᠥᠪ ᠦ᠋ᠨ 《ᠴᠢᠩ ᠬᠤᠸᠠ》 ᠲᠡᠭᠦᠰᠴᠦ
ᠲᠠᠪᠤᠨ ᠬᠡᠯᠡ ᠡᠵᠡᠮᠰᠢᠵᠦ ᠳᠠᠯᠠᠢ ᠮᠡᠳᠡᠯᠭᠡ ᠬᠤᠷᠠᠮᠳᠤᠭᠤᠯᠤᠭᠰᠠᠨ

ᠣᠷᠣᠨ ᠨᠤᠲᠤᠭ ᠤ᠋ᠨ ᠬᠡᠪᠴᠢᠶᠡᠨ ᠳ᠋ᠡᠭᠡᠨ
ᠣᠯᠠᠨ ᠬᠡᠯᠡ ᠮᠡᠳᠡᠳᠡᠭ ᠢ᠋ᠶ᠋ᠡᠷ ᠨᠢ
ᠣᠯᠢᠮᠫᠢᠺ ᠤ᠋ᠨ ᠲᠡᠮᠡᠴᠡᠭᠡᠨ ᠳ᠋ᠦ᠍
ᠤᠷᠢᠭᠳᠠᠵᠤ ᠪᠠᠢᠭᠰᠠᠨ ᠨᠠᠮᠲᠠᠷ ᠲᠠᠢ

ᠬᠡᠪᠯᠡᠯ ᠮᠡᠳᠡᠭᠡᠯᠡᠯ ᠦ᠋ᠨ ᠪᠠᠢᠭᠤᠯᠭ᠎ᠠ ᠳ᠋ᠤ᠌ ᠪᠠᠨ
ᠬᠡᠯᠡᠨ ᠵᠦᠢ ᠪᠡᠷ ᠢ᠋ᠶ᠋ᠡᠨ ᠣᠷᠣᠢᠯᠠᠵᠤ
ᠬᠡᠯᠡ ᠬᠠᠵᠠᠭᠠᠢ ᠣᠷᠴᠢᠨ ᠳ᠋ᠤ᠌
ᠬᠡᠨ ᠡᠴᠡ ᠴᠦ᠍ ᠳᠤᠲᠠᠭᠤ ᠦᠭᠡᠢ ᠴᠢᠷᠮᠠᠢᠭᠰᠠᠨ

ᠰᠤᠳᠤᠯᠵᠤ ᠰᠤᠷᠤᠭᠰᠠᠨ ᠤ᠋ ᠠᠴᠢ ᠪᠠᠷ ᠢ᠋ᠶ᠋ᠠᠨ
ᠰᠤᠷᠭᠠᠨ ᠬᠥᠮᠦᠵᠢᠭᠦᠯᠦᠭᠴᠢ ᠪᠡᠷ ᠳᠠᠪᠰᠢᠵᠤ
ᠰᠤᠷᠴᠤ᠂ ᠰᠤᠷᠭᠠᠬᠤ ᠠᠵᠢᠯ ᠳ᠋ᠤ᠌
ᠰᠣᠳᠣᠨ ᠪᠠᠭᠰᠢ ᠪᠠᠷ ᠦᠨᠡᠯᠡᠭᠳᠡᠭᠰᠡᠨ

ᠵᠢᠯ ᠵᠢᠯ ᠦ᠋ᠨ ᠡᠴᠦᠰ ᠲᠦ᠍
ᠵᠢᠱ᠌ᠢᠶᠡᠴᠢ ᠪᠠᠭᠰᠢ ᠶ᠋ᠢᠨ ᠦᠨᠡᠮᠯᠡᠯ ᠲᠡᠢ
ᠵᠢᠷᠭᠢᠭᠡ ᠬᠣᠯᠪᠣᠭᠠᠨ ᠤ᠋ ᠬᠢᠴᠢᠶᠡᠯ ᠳ᠋ᠦ᠍ ᠪᠡᠨ
ᠵᠢᠳᠬᠦᠯ ᠭᠠᠷᠭᠠᠭᠰᠠᠨ ᠠᠯᠳᠠᠷ ᠲᠠᠢ

ᠥᠨᠳᠥᠷ ᠠᠰᠠᠷ ᠲᠤ᠌ ᠰᠠᠭᠤᠭᠠᠳ
ᠥᠩᠭᠡᠲᠦ ᠮᠠᠰᠢᠨ ᠪᠠᠷᠢᠭᠰᠠᠨ ᠴᠤ᠌
ᠥᠪ ᠰᠣᠶᠣᠯ ᠤ᠋ᠨ ᠢ᠋ᠶ᠋ᠠᠨ ᠲᠥᠯᠥᠭᠡ
ᠦᠷᠡᠭᠳᠡᠯ ᠭᠠᠷᠭᠠᠭᠰᠠᠨ ᠡᠷᠡᠮᠡᠬᠡᠢ

ᠦᠰᠦᠭ ᠪᠢᠴᠢᠭ ᠦ᠋ᠨ ᠬᠣᠯᠪᠣᠭᠠᠨ ᠳ᠋ᠤ᠌ ᠪᠠᠨ
ᠦᠯᠡᠮᠵᠢ ᠴᠢᠷᠮᠠᠢᠯᠭ᠎ᠠ ᠭᠠᠷᠭᠠᠭᠰᠠᠨ
ᠦᠨᠳᠦᠰᠦᠲᠡᠨ ᠶᠠᠰᠤᠲᠠᠨ ᠤ᠋ ᠢᠷᠡᠭᠡᠳᠦᠢ ᠭᠡᠵᠦ
ᠦᠨᠡᠨ ᠰᠡᠳᠬᠢᠯ ᠎ᠡᠴᠡ ᠪᠡᠨ ᠵᠢᠳᠬᠦᠭᠰᠡᠨ

ᠲᠤᠤᠱᠲᠠᠢ ᠵᠢᠭᠠᠬᠤ ᠶ᠋ᠢ ᠴᠢᠬᠤᠯᠠᠴᠢᠯᠠᠭᠠᠳ
ᠲᠣᠭᠣᠭ᠎ᠠ ᠲᠠᠢ ᠬᠣᠭᠣᠯᠠ ᠪᠠᠨ ᠰᠢᠲᠠᠭᠠᠵᠤ
ᠲᠤᠯᠭ᠎ᠠ ᠲᠠᠢ ᠴᠠᠢ ᠪᠠᠨ ᠰᠢᠷᠭᠢᠭᠡᠭᠰᠡᠨ
ᠲᠣᠭ᠎ᠠ ᠦᠭᠡᠢ ᠣᠯᠠᠨ ᠦᠯᠢᠭᠡᠷ ᠲᠡᠢ

ᠠᠴᠢᠲᠤ ᠪᠠᠭᠰᠢ ᠶ᠋ᠢᠨ ᠮᠢᠨᠢ ᠠᠵᠢᠯ
ᠦᠰᠦᠨ ᠡᠴᠡ ᠨᠢ ᠣᠯᠠᠨ ᠪᠠᠢᠳᠠᠭ
ᠠᠷᠠᠳ ᠤ᠋ᠨ ᠰᠢᠭᠦᠬᠦ ᠳ᠋ᠦ᠍ ᠠᠯᠪᠠᠯᠠᠵᠤ
ᠦᠨᠡᠨ ᠴᠠᠭᠠᠨ ᠢ᠋ ᠴᠦ᠍ ᠲᠣᠳᠣᠯᠠᠳᠠᠭ

ᠣᠶᠤᠨ ᠤ᠋ ᠣᠷᠭᠢᠯ ᠪᠠᠭᠰᠢ ᠮᠢᠨᠢ
ᠣᠯᠠᠨ ᠣᠯᠠᠨ ᠲᠤᠰᠢᠶᠠᠯ ᠲᠠᠢ
ᠣᠨᠴᠠ ᠴᠢᠬᠤᠯᠠ ᠡᠭᠦᠷᠭᠡ ᠶ᠋ᠢ ᠨᠢ
ᠣᠪᠣᠢᠯᠭᠠᠵᠤ ᠶᠠᠷᠢᠬᠤ ᠡᠴᠡ ᠬᠢᠴᠢᠶᠡᠶ᠎ᠡ

ᠬᠠᠢᠯᠵᠤ ᠪᠣᠯᠬᠤ ᠦᠭᠡᠢ ᠬᠡᠯᠡ ᠭᠡᠵᠦ
ᠬᠠᠮᠤᠭ ᠴᠠᠭ ᠢ᠋ᠶ᠋ᠠᠨ ᠦᠷᠡᠭᠡᠲᠡᠭ
ᠬᠠᠢᠷᠠᠯᠠᠬᠤ ᠶᠣᠰᠣᠲᠠᠢ ᠰᠣᠶᠣᠯ ᠭᠡᠵᠦ
ᠬᠠᠷᠮᠠᠨ ᠤ᠋ ᠮᠥᠩᠭᠥ ᠪᠡᠨ ᠴᠦ᠍ ᠵᠠᠷᠤᠳᠠᠭ

ᠠᠴᠢᠷ ᠦᠷ᠎ᠡ ᠪᠡᠨ ᠬᠠᠷᠠᠭᠠᠯᠵᠠᠬᠤ
ᠠᠷᠢᠭᠤᠨ ᠴᠠᠭ ᠢ᠋ᠶ᠋ᠠᠨ ᠪᠠᠭᠠᠰᠬᠠᠳᠠᠭ
ᠠᠪᠤᠭᠠᠢ ᠨᠥᠬᠥᠷ ᠲᠡᠢ ᠪᠡᠨ ᠪᠠᠢᠬᠤ
ᠠᠯᠲᠠᠨ ᠬᠣᠷᠣᠮᠬᠠᠨ ᠢ᠋ᠶ᠋ᠠᠨ ᠴᠤ᠌ ᠬᠠᠰᠤᠳᠠᠭ

ᠬᠠᠵᠠᠭᠠᠢ ᠨᠠᠵᠠᠭᠠᠢ ᠶ᠋ᠢ ᠬᠠᠷᠠᠭᠰᠠᠭᠠᠷ
ᠬᠠᠷᠴᠠᠭᠠᠢ ᠱᠣᠩᠬᠣᠷ ᠰᠢᠭ᠋ ᠰᠢᠷᠦᠭᠦᠨ
ᠬᠠᠯᠲᠤᠷᠢᠵᠤ ᠪᠦᠳᠦᠷᠢᠭᠰᠡᠨ ᠢ᠋ ᠦᠵᠡᠭᠰᠡᠭᠡᠷ
ᠬᠠᠮᠵᠢᠵᠤ ᠳᠡᠮᠵᠢᠭᠡᠳ ᠶᠠᠭᠠᠷᠠᠨ᠎ᠠ

ᠠᠷᠢᠭᠤᠨ ᠬᠥᠳᠡᠯᠮᠦᠷᠢ ᠶ᠋ᠢᠨ ᠴᠢᠨᠢ ᠬᠠᠷᠢᠭᠤ ᠳ᠋ᠤ᠌
ᠠᠷᠤᠤᠬᠠᠨ ᠦᠢᠯᠡᠰ ᠨᠢ ᠳᠡᠯᠭᠡᠷᠡᠭ
ᠠᠭᠤᠤ ᠲᠡᠷᠡ ᠠᠴᠢ ᠶ᠋ᠢ ᠨᠢ
ᠠᠷᠤ ᠥᠪᠥᠷ ᠢ᠋ᠶ᠋ᠡᠷ ᠢ᠋ᠶ᠋ᠡᠨ ᠮᠡᠳᠡᠷᠡᠭ

ᠡᠷᠳᠡᠮ ᠮᠡᠳᠡᠯᠭᠡ ᠲᠡᠭᠦᠰ ᠴᠢᠳᠠᠪᠤᠷᠢ
ᠡᠭᠡᠯ ᠳᠠᠷᠤᠤᠬᠠᠨ ᠵᠠᠩ ᠠᠷᠠᠨᠰᠢᠨ
ᠡᠯᠪᠡᠷᠢᠯ ᠵᠢᠷᠤᠮ ᠤ᠋ᠨ ᠪᠠᠲᠤ ᠶᠣᠰᠣᠨ
ᠡᠷᠬᠢᠮ ᠬᠦᠨᠳᠦᠲᠦ ᠪᠠᠭᠰᠢ ᠮᠢᠨᠢ!

ᠬᠠᠳᠠᠨ ᠵᠣᠷᠢᠭ ᠬᠠᠲᠤᠨ ᠤᠬᠠᠭᠠᠨ 
ᠬᠣᠣᠰᠯᠠᠭᠰᠠᠨ ᠮᠣᠩᠭᠣᠯᠵᠢᠨ ᠭᠤᠸ᠎ᠠ ᠪᠦᠰᠡᠭᠦᠢ
ᠡᠨᠡ ᠬᠥᠮᠦᠨ ᠢ᠋ ᠡᠷᠴᠢᠨ ᠭᠡᠳᠡᠭ
ᠡᠷᠴᠢᠮ ᠲᠡᠭᠦᠯᠳᠡᠷ ᠪᠠᠭᠰᠢ ᠬᠥᠮᠦᠨ
ᠡᠷᠡᠰ ᠰᠢᠭᠤᠷᠬᠠᠢ ᠮᠣᠩᠭᠣᠯ ᠬᠥᠮᠦᠨ ᠠ᠋

   ᠦᠰᠦᠭ ᠠᠮᠢᠯᠠᠭᠤᠯᠤᠭᠴᠢ᠄ ᠪᠠᠶᠠᠨ᠌ᠠᠠᠭᠤᠯᠠ
   ᠵᠢᠷᠤᠭ ᠤᠷᠠᠯᠠᠭᠴᠢ᠄ ᠬᠣᠨᠢᠴᠢᠨ ᠪᠦᠰᠡᠭᠦᠢ
   ᠦᠰᠦᠭ ᠬᠠᠲᠠᠭᠴᠢ᠄ ᠡᠩᠬᠡᠮᠡᠨᠳᠦ
   ᠬᠢᠨᠠᠭᠴᠢ᠄ ᠡᠩᠬᠡᠮᠡᠨᠳᠦ᠂ ᠣᠳᠬᠠᠨᠰᠣ᠎ᠠ