ᠲᠡᠮᠡᠭᠡ ᠡᠷᠢᠭᠰᠡᠨ ᠨᠢTemee ersen niТэмээ эрсэн нь
ᠲᠡᠮᠡᠭᠡ ᠡᠷᠢᠭᠰᠡᠨ ᠨᠢ
ᠡᠷᠲᠡ ᠤᠷᠢᠳᠤ ᠶ᠋ᠢᠨ ᠴᠠᠭ ᠲᠤ᠌᠂ ᠨᠢᠭᠡᠨ ᠡᠪᠦᠭᠡᠨ ᠠᠶᠠᠨ ᠬᠥᠭᠡᠭᠡᠵᠦ ᠪᠠᠢᠭᠠᠳ ᠲᠡᠮᠡᠭᠡ ᠪᠡᠨ ᠠᠯᠳᠠᠭᠰᠠᠨ ᠭᠡᠨ᠎ᠡ᠃ ᠲᠡᠷᠡ ᠡᠪᠦᠭᠡᠨ ᠲᠡᠮᠡᠭᠡ ᠪᠡᠨ ᠡᠷᠢᠵᠦ ᠶᠠᠪᠤᠭᠰᠠᠭᠠᠷ ᠪᠠᠢᠵᠤ᠂ ᠠᠳᠤᠭᠤᠴᠢᠨ ᠵᠠᠯᠠᠭᠤ ᠲᠠᠢ ᠠᠭᠤᠯᠵᠠᠵᠠᠢ᠃ ᠡᠪᠦᠭᠡᠨ ᠠᠳᠤᠭᠤᠴᠢᠨ ᠵᠠᠯᠠᠭᠤ ᠠ᠋ᠴᠠ᠂
— ᠪᠢ ᠴᠠᠭᠠᠨ ᠲᠡᠮᠡᠭᠡ ᠪᠡᠨ ᠠᠯᠳᠠᠴᠢᠬᠠᠯ᠎ᠠ᠂ ᠰᠤᠷᠠᠭ ᠲᠤᠭᠤᠯᠠᠪᠠ ᠤᠤ ᠳ᠋ᠠ ᠭᠡᠵᠦ ᠠᠰᠠᠭᠤᠪᠠ᠃ ᠠᠳᠤᠭᠤᠴᠢᠨ ᠵᠠᠯᠠᠭᠤ᠂
— ᠵᠥᠪ ᠲᠡᠢ ᠨᠢᠳᠦ ᠨᠢ ᠰᠣᠬᠣᠷ᠂ ᠪᠤᠷᠤᠭᠤ ᠲᠠᠢ ᠬᠥᠯ ᠨᠢ ᠳᠣᠭᠣᠯᠠᠩ᠂ ᠡᠭᠦᠳᠡᠨ ᠰᠢᠲᠦ ᠨᠢ ᠣᠩᠭᠣᠷᠬᠠᠢ ᠲᠡᠮᠡᠭᠡ ᠪᠠᠢᠭ᠎ᠠ ᠪᠢᠵᠡ ᠠ᠋ ᠭᠡᠪᠡ᠃ ᠡᠪᠦᠭᠡᠨ᠂
— ᠲᠡᠢᠮᠦ ᠠ᠋ ᠲᠡᠢᠮᠦ ᠶᠠᠭ ᠲᠠᠭᠠᠷᠠᠵᠤ ᠪᠠᠢᠨ᠎ᠠ᠃ ᠬᠠᠮᠢᠭ᠎ᠠ ᠪᠠᠢᠨ᠎ᠠ ᠪᠣᠢ? ᠭᠡᠵᠦ ᠪᠠᠶᠠᠷᠯᠠᠨ ᠠᠰᠠᠭᠤᠪᠠ᠃ ᠠᠳᠤᠭᠤᠴᠢᠨ ᠵᠠᠯᠠᠭᠤ ᠡᠪᠦᠭᠡᠨ ᠦ᠌ ᠠᠰᠠᠭᠤᠭᠰᠠᠨ ᠢ᠋ ᠬᠠᠷᠢᠭᠤᠯᠤᠭᠰᠠᠨ ᠦᠭᠡᠢ ᠪᠡᠷ᠂
— ᠨᠢᠭᠡ ᠲᠠᠯ᠎ᠠ ᠳ᠋ᠤ᠌ ᠨᠢ ᠪᠠᠯ ᠠᠴᠢᠵᠤ᠂ ᠨᠥᠭᠦᠭᠡ ᠲᠠᠯ᠎ᠠ ᠳ᠋ᠤ᠌ ᠨᠢ ᠪᠤᠭᠤᠳᠠᠢ ᠠᠴᠢᠭᠰᠠᠨ ᠪᠢᠵᠡ ᠳ᠋ᠠ ᠭᠡᠯᠡ᠃ ᠡᠪᠦᠭᠡᠨ ᠲᠡᠮᠡᠭᠡ ᠪᠡᠨ ᠡᠷᠲᠡᠬᠡᠨ ᠣᠯᠬᠤ ᠶ᠋ᠢ ᠪᠣᠳᠣᠵᠤ᠂
— ᠲᠡᠷᠡ ᠲᠡᠮᠡᠭᠡ ᠬᠠᠮᠢᠭ᠎ᠠ ᠪᠠᠢᠨ᠎ᠠ ᠪᠣᠢ? ᠲᠦᠷᠭᠡᠨ ᠬᠡᠯᠡᠭᠡᠳ ᠠᠯᠢ ᠠ᠋! ᠳᠡᠭᠦᠦ ᠮᠢᠨᠢ ᠠ᠋ ᠭᠡᠵᠦ ᠭᠤᠶᠤᠪᠠ᠃ ᠭᠡᠲᠡᠯ᠎ᠡ ᠠᠳᠤᠭᠤᠴᠢᠨ ᠵᠠᠯᠠᠭᠤ᠂
— ᠪᠢ ᠲᠠᠨ ᠤ᠋ ᠲᠡᠮᠡᠭᠡ ᠶ᠋ᠢ ᠣᠯᠵᠤ ᠦᠵᠡᠭᠰᠡᠨ ᠦᠭᠡᠢ ᠰᠢᠦ ᠭᠡᠪᠡ᠃ ᠡᠷᠢᠯᠴᠢ ᠡᠪᠦᠭᠡᠨ ᠶᠡᠬᠡᠯ᠎ᠡ ᠭᠠᠢᠬᠠᠵᠤ᠂
— ᠲᠠ ᠲᠡᠮᠡᠭᠡ ᠶ᠋ᠢ ᠣᠯᠵᠤ ᠦᠵᠡᠭᠰᠡᠨ ᠦᠭᠡᠢ ᠪᠠᠢᠭᠠᠳ ᠲᠡᠭᠦᠨ ᠦ᠌ ᠰᠢᠨᠵᠢ ᠲᠡᠮᠳᠡᠭ ᠢ᠋ ᠶᠠᠭᠠᠬᠢᠵᠤ ᠡᠢᠮᠦ ᠲᠣᠳᠣᠷᠬᠠᠢ ᠮᠡᠳᠡᠭᠰᠡᠨ ᠶᠤᠮ ᠪᠣᠢ? ᠭᠡᠵᠦ ᠠᠰᠠᠭᠤᠪᠠ᠃ ᠡᠭᠦᠨ ᠳ᠋ᠦ᠍ ᠠᠳᠤᠭᠤᠴᠢᠨ ᠵᠠᠯᠠᠭᠤ᠂
— ᠲᠡᠷᠡ ᠲᠡᠮᠡᠭᠡᠨ ᠦ᠌ ᠵᠥᠪ ᠲᠡᠢ ᠨᠢᠳᠦ ᠨᠢ ᠰᠣᠬᠣᠷ ᠭᠡᠳᠡᠭ ᠢ᠋ ᠵᠠᠮ ᠤ᠋ᠨ ᠪᠠᠷᠠᠭᠤᠨ ᠲᠠᠯ᠎ᠠ ᠶ᠋ᠢᠨ ᠡᠪᠡᠰᠦ ᠶ᠋ᠢ ᠯᠡ ᠢᠳᠡᠭᠡᠳ ᠶᠠᠪᠤᠭᠰᠠᠭᠠᠷ ᠮᠡᠳᠡᠭᠰᠡᠨ ᠶᠤᠮ᠃ ᠡᠪᠡᠰᠦ ᠢᠳᠡᠭᠰᠡᠨ ᠣᠷᠣ ᠶ᠋ᠢ ᠨᠢ ᠦᠵᠡᠬᠦ ᠳ᠋ᠦ᠍ ᠬᠣᠶᠠᠷ ᠰᠢᠲᠦᠨ ᠦ᠌ ᠬᠡᠮᠵᠢᠶ᠎ᠡ ᠪᠡᠷ ᠡᠪᠡᠰᠦ ᠣᠷᠬᠢᠭᠳᠠᠨ ᠬᠣᠴᠣᠷᠤᠭᠰᠠᠨ ᠠ᠋ᠴᠠ ᠡᠭᠦᠳᠡᠨ ᠰᠢᠲᠦ ᠨᠢ ᠣᠩᠭᠣᠷᠬᠠᠢ ᠭᠡᠳᠡᠭ ᠢ᠋ ᠮᠡᠳᠡᠭᠰᠡᠨ ᠶᠤᠮ᠃ ᠪᠤᠷᠤᠭᠤ ᠲᠠᠢ ᠬᠥᠯ ᠦ᠋ᠨ ᠭᠢᠰᠬᠢᠴᠢᠬᠡ ᠨᠢ ᠵᠥᠪ ᠲᠡᠢ ᠲᠠᠯ᠎ᠠ ᠠ᠋ᠴᠠ ᠪᠠᠨ ᠬᠥᠩᠭᠡᠨ ᠪᠠᠢᠭᠰᠠᠨ ᠲᠤᠯᠠ ᠪᠤᠷᠤᠭᠤ ᠲᠠᠢ ᠬᠥᠯ ᠨᠢ ᠳᠣᠭᠣᠯᠠᠩ ᠭᠡᠵᠦ ᠲᠠᠭᠠᠯ᠎ᠠ᠃ ᠪᠤᠭᠤᠳᠠᠢ ᠪᠠᠯ ᠠᠴᠢᠭᠰᠠᠨ ᠢ᠋ ᠨᠡᠩ ᠠᠮᠠᠷᠬᠠᠨ ᠮᠡᠳᠡᠭᠰᠡᠨ᠂ ᠵᠠᠮ ᠤ᠋ᠨ ᠨᠢᠭᠡ ᠬᠠᠵᠠᠭᠤ ᠪᠠᠷ ᠭᠣᠭᠣᠵᠢᠭᠰᠠᠨ ᠪᠤᠭᠤᠳᠠᠢ ᠳᠡᠭᠡᠷ᠎ᠡ ᠪᠢᠯᠵᠤᠤᠬᠠᠢ ᠴᠤᠭᠯᠠᠷᠠᠵᠤ᠂ ᠨᠥᠭᠦᠭᠡ ᠬᠠᠵᠠᠭᠤ ᠪᠠᠷ ᠳᠤᠰᠤᠯᠠᠭᠰᠠᠨ ᠪᠠᠯ ᠳᠡᠭᠡᠷ᠎ᠡ ᠢᠯᠠᠭ᠎ᠠ ᠬᠤᠷᠠᠵᠤ ᠪᠠᠢᠭᠰᠠᠨ ᠶᠤᠮ ᠭᠡᠪᠡ᠃
ᠡᠷᠢᠯᠴᠢᠨ ᠡᠪᠦᠭᠡᠨ ᠠᠳᠤᠭᠤᠴᠢᠨ ᠵᠠᠯᠠᠭᠤ ᠶ᠋ᠢᠨ ᠭᠢᠷᠠᠬᠠᠢ ᠨᠢᠳᠦ ᠠᠵᠢᠬᠴᠢ ᠣᠪᠣᠷ ᠢ᠋ ᠶᠡᠬᠡᠳᠡ ᠱᠠᠭᠰᠢᠨ ᠮᠠᠭᠲᠠᠵᠠᠢ᠃ ᠴᠢᠩᠭᠢᠭᠡᠳ ᠠᠳᠤᠭᠤᠴᠢᠨ ᠵᠠᠯᠠᠭᠤ ᠡᠪᠦᠭᠡᠨ ᠳ᠋ᠦ᠍ ᠬᠠᠪᠰᠤᠷᠤᠨ ᠡᠷᠢᠬᠦ ᠪᠡᠷ ᠪᠣᠯᠪᠠ᠃ ᠬᠣᠶᠠᠭᠤᠯᠠ ᠲᠡᠮᠡᠭᠡᠨ ᠦ᠌ ᠮᠥᠷ ᠢ᠋ᠶ᠋ᠡᠷ ᠮᠥᠷᠳᠡᠵᠦ ᠶᠠᠪᠤᠭᠠᠳ ᠤᠳᠠᠯ ᠦᠭᠡᠢ ᠣᠯᠤᠭᠰᠠᠨ ᠭᠡᠨ᠎ᠡ᠃
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
