ᠡᠵᠢ ᠶ᠋ᠢᠨ ᠮᠥᠷᠥᠭᠡᠳᠦᠯ - ᠴᠢᠮᠡᠭ Ээжийн мөрөөдөл-Чимгээ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶ᠋ᠢᠨ ᠮᠥᠷᠥᠭᠡᠳᠦᠯ - ᠴᠢᠮᠡᠭ Ээжийн мөрөөдөл-Чимгээ

ᠡᠵᠢ ᠶ᠋ᠢᠨ ᠮᠥᠷᠥᠭᠡᠳᠦᠯ - ᠴᠢᠮᠡᠭ Ээжийн мөрөөдөл-Чимгээ

2025-05-02

1099

ᠡᠵᠢ ᠶ᠋ᠢᠨ ᠮᠥᠷᠥᠭᠡᠳᠦᠯ

     ᠵᠣᠬᠢᠶᠠᠭᠴᠢ᠄ ᠴᠢᠮᠡᠭ 
     ᠤᠶᠠᠩᠭᠠᠯᠠᠭᠴᠢ᠄ ᠪᠤᠤ· ᠰᠠᠷᠠᠨ᠎ᠠ  

ᠠᠷᠢᠭᠤᠨ ᠬᠡᠭᠡᠨᠴᠢᠷ ᠪᠡᠶ᠎ᠡ ᠴᠣᠭᠴᠠᠰ ᠲᠠᠭᠠᠨ 
ᠠᠷᠪᠠᠨ ᠰᠠᠷ᠎ᠠ ᠪᠠᠷ ᠲᠡᠭᠡᠭᠡᠵᠦ ᠪᠥᠭᠡᠴᠡᠢᠯᠡᠭᠰᠡᠨ 
ᠠᠩᠬᠠᠨ ᠤ᠋ ᠬᠠᠢᠷ᠎ᠠ ᠶ᠋ᠢᠨ ᠠᠭᠤᠤ ᠲᠠᠨ ᠢ᠋ᠶ᠋ᠠᠨ 
ᠠᠶᠤᠤᠯᠢᠬᠠᠢ ᠳᠣᠲᠣᠷ᠎ᠠ ᠪᠠᠨ ᠡᠩᠬᠦᠷᠡᠢᠯᠡᠨ 

ᠡᠨᠡᠷᠢᠯ ᠦ᠋ᠨ ᠰᠦ᠋ ᠪᠡᠨ ᠬᠥᠬᠥᠭᠦᠯᠦᠨ ᠪᠠᠢᠵᠤ 
ᠡᠨᠡ ᠪᠡᠶ᠎ᠡ ᠶ᠋ᠢ ᠮᠢᠨᠢ ᠥᠰᠬᠡᠭᠰᠡᠨ 
ᠠᠷᠭᠠᠯ ᠤ᠋ᠨ ᠭᠠᠯ ᠢ᠋ᠶ᠋ᠠᠷ ᠢ᠋ᠶ᠋ᠠᠨ ᠳᠤᠯᠠᠭᠠᠯᠠᠨ ᠪᠠᠢᠵᠤ 
ᠠᠴᠢᠷ ᠦᠷᠡᠰ ᠢ᠋ᠶ᠋ᠡᠨ ᠪᠣᠢᠵᠢᠭᠤᠯᠤᠭᠰᠠᠨ 

ᠠᠵᠢᠯ ᠤ᠋ᠨ ᠬᠦᠨᠳᠦ ᠶ᠋ᠢ ᠡᠭᠦᠷᠦᠨ ᠪᠠᠢᠵᠤ
ᠠᠵᠤ ᠠᠮᠢᠳᠤᠷᠠᠯ ᠢ᠋ᠶ᠋ᠠᠨ ᠴᠣᠭᠴᠠᠯᠠᠭᠰᠠᠨ
ᠡᠪ ᠦ᠋ᠨ ᠬᠣᠷᠸ᠎ᠠ ᠶ᠋ᠢᠨ ᠶᠢᠷᠲᠢᠨᠴᠦ ᠳ᠋ᠦ᠍ ᠵᠦᠳᠡᠷᠡᠨ
ᠡᠷᠳᠡᠮ ᠦ᠋ᠨ ᠵᠢᠯᠣᠭᠣ ᠶ᠋ᠢ ᠠᠳᠬᠤᠭᠤᠯᠤᠭᠰᠠᠨ

ᠬᠡᠳᠦᠨ ᠲᠥᠷᠥ ᠶ᠋ᠢᠨ ᠬᠤᠪᠢᠰᠤᠯ ᠳᠤᠮᠳᠠᠭᠤᠷ
ᠬᠠᠲᠤᠨ ᠤᠬᠠᠭᠠᠨ ᠢ᠋ᠶ᠋ᠠᠨ ᠰᠢᠪᠬᠠᠵᠤ ᠶᠠᠪᠤᠭᠰᠠᠨ
ᠬᠠᠷᠠᠩᠭᠤᠢ ᠭᠡᠭᠡᠨ ᠨᠡᠢᠭᠡᠮ ᠢ᠋ ᠲᠤᠭᠤᠯᠵᠤ
ᠬᠠᠯᠠ ᠵᠣᠪᠠᠯᠠᠩ ᠢ᠋ ᠠᠮᠰᠠᠵᠤ ᠶᠠᠪᠤᠭᠰᠠᠨ

ᠨᠡᠢᠲᠡ ᠶ᠋ᠢᠨ ᠮᠠᠯ ᠰᠥᠷᠦᠭ ᠢ᠋ ᠬᠠᠷᠢᠭᠤᠯᠵᠤ
ᠨᠠᠨᠳᠢᠩᠨᠠᠵᠤ ᠨᠠᠮᠠᠶ᠋ᠢ ᠪᠠᠨ ᠥᠰᠬᠡᠭᠰᠡᠨ
ᠡᠭᠡᠯ ᠵᠢᠷ ᠦ᠋ᠨ ᠮᠠᠯᠴᠢᠨ ᠪᠦᠰᠡᠭᠦᠢ
ᠡᠨᠡᠷᠢᠯ ᠶᠡᠬᠡᠲᠡᠢ ᠡᠵᠢ ᠮᠢᠨᠢ ᠠ᠋

ᠡᠩᠬᠦᠷᠡᠢ ᠦᠷ᠎ᠡ ᠪᠡᠨ ᠥᠰᠬᠡᠬᠦ ᠶ᠋ᠢᠨ ᠲᠥᠯᠥᠭᠡ
ᠬᠠᠲᠠᠭᠤ ᠵᠣᠪᠠᠯᠠᠩᠲᠤ ᠬᠣᠷᠸ᠋᠎ᠠ ᠶ᠋ᠢ
ᠬᠠᠢᠷ᠎ᠠ ᠪᠠᠷ ᠢ᠋ᠶ᠋ᠠᠨ ᠠᠮᠢᠯᠠᠭᠤᠯᠤᠭᠰᠠᠨ
ᠬᠠᠨ ᠲᠩᠷᠢ ᠡᠵᠢ ᠮᠢᠨᠢ ᠠ᠋

ᠢᠰᠡᠭᠡᠢ ᠭᠡᠷ ᠢ᠋ᠶ᠋ᠡᠨ ᠲᠤᠯᠭ᠎ᠠ ᠶ᠋ᠢᠨ ᠭᠠᠯ ᠢ᠋ᠶ᠋ᠠᠷ ᠳᠤᠯᠠᠭᠠᠯᠠᠵᠤ
ᠡᠩᠬᠦᠷᠡᠢᠯᠡᠨ ᠬᠠᠮᠠᠭᠠᠯᠠᠭᠰᠠᠨ ᠡᠯᠪᠡᠷᠢᠯ ᠶᠡᠬᠡ ᠲᠡᠢ ᠡᠵᠢ ᠮᠢᠨᠢ
ᠡᠨᠡᠷᠢᠯ ᠦ᠋ᠨ ᠠᠷᠢᠭᠤᠨ ᠬᠥᠬᠡ ᠲᠩᠷᠢ ᠮᠢᠨᠢ ᠪᠢᠯᠡ
ᠡᠩᠭᠡᠷ ᠬᠣᠷᠮᠣᠢ ᠬᠣᠶᠠᠷ ᠲᠤᠨᠢ ᠰᠦᠨ ᠦ᠌ ᠦᠨᠦᠷ ᠲᠡᠢ ᠪᠢᠯᠡ

ᠬᠥᠬᠡ ᠳᠠᠯᠢᠩᠪᠤᠤ ᠲᠡᠷᠯᠢᠭ  ᠲᠤᠨᠢ
ᠬᠥᠯᠥᠰᠥᠨ ᠦ᠌ ᠦᠨᠦᠷ ᠲᠡᠢ ᠶᠤᠮ
ᠬᠥᠨᠳᠡᠢ ᠮᠥᠩᠭᠥᠨ ᠲᠣᠪᠴᠢ ᠨᠢ
ᠬᠣᠨᠣᠭ ᠲᠣᠭ᠎ᠠ ᠪᠠᠷ ᠡᠯᠡᠭᠳᠡᠭᠰᠡᠨ ᠶᠤᠮ

ᠬᠠᠲᠠᠭᠤ ᠵᠥᠭᠡᠯᠡᠨ ᠣᠷᠴᠢᠯᠠᠩ ᠤ᠋ᠨ
ᠬᠠᠯᠠ ᠲᠠᠢ ᠭᠠᠰᠢᠭᠤᠨ ᠢ᠋ ᠶᠠᠭᠠᠬᠢᠯᠲᠠᠢ ᠪᠢᠯᠡ
ᠬᠠᠷᠠᠬᠠᠨ ᠪᠠᠭ᠎ᠠ ᠶ᠋ᠢᠨ ᠣᠨ ᠵᠢᠯ ᠦ᠋ᠳ
ᠬᠠᠷᠪᠤᠭᠰᠠᠨ ᠰᠣᠯᠢᠷ ᠰᠢᠭ᠋ ᠥᠩᠭᠡᠷᠡᠯ᠎ᠡ

ᠪᠣᠷᠣ ᠳᠡᠯᠡᠬᠡᠢ ᠨᠤᠲᠤᠭ ᠮᠢᠨᠢ
ᠪᠣᠳᠣᠯ ᠰᠡᠳᠬᠢᠯ᠎ᠡᠴᠡ ᠰᠠᠯᠬᠤ ᠦᠭᠡᠢ᠂
ᠪᠤᠭᠤᠷᠤᠯ ᠨᠠᠰᠤᠲᠠᠨ ᠡᠵᠢ ᠳ᠋ᠡᠭᠡᠨ
ᠪᠤᠶᠠᠨ ᠬᠦᠰᠡᠯ ᠦ᠋ᠨ ᠰᠠᠴᠤᠯᠢ ᠪᠠᠨ ᠡᠷᠭᠦᠮᠦᠢ!
          2025 ᠣᠨ ᠤ᠋2 ᠰᠠᠷᠠᠢᠨ28 ᠤ᠋ ᠡᠳᠦᠷ

  ᠦᠰᠦᠭ ᠠᠮᠢᠯᠠᠭᠤᠯᠤᠭᠴᠢ᠄ ᠪᠤᠤ᠂ ᠰᠠᠷᠠᠨ᠎ᠠ
  ᠦᠰᠦᠭ ᠬᠠᠳᠠᠭᠴᠢ᠄ ᠪᠤᠤ· ᠰᠠᠷᠠᠨ᠎ᠠ
  ᠬᠢᠨᠠᠭᠴᠢ᠄ ᠣᠳᠬᠠᠨᠰᠣ᠎ᠠ