ᠥᠭᠡᠳᠡᠢ ᠬᠠᠭᠠᠨ ᠤ᠋ ᠦᠯᠢᠭᠡᠷ-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡӨгэдэй хааны үлгэр
ᠥᠭᠡᠳᠡᠢ ᠬᠠᠭᠠᠨ
ᠥᠭᠡᠳᠡᠢ ᠬᠠᠭᠠᠨ (Ugedei khan)᠂ 〔1186-1241〕
ᠥᠭᠡᠳᠡᠢ ᠬᠠᠭᠠᠨ ᠪᠣᠯ ᠮᠣᠩᠭᠣᠯ ᠭᠦᠷᠦᠨ ᠢ᠋ ᠤᠯᠠᠮ
ᠬᠦᠴᠦᠷᠬᠡᠭ ᠪᠣᠯᠭᠠᠵᠤ᠂ ᠵᠦᠷᠴᠢᠳ ᠦ᠋ᠨ ᠠᠯᠲᠠᠨ ᠤᠯᠤᠰ ᠢ᠋ 1231-1234 ᠣᠨ ᠳ᠋ᠤ᠌ ᠪᠦᠷᠢᠨ
ᠪᠠᠢᠯᠳᠤᠨ ᠳᠠᠭᠠᠭᠤᠯᠵᠤ᠂ 1229᠂ 1231 ᠣᠨ ᠳ᠋ᠤ᠌ ᠰᠣᠯᠣᠩᠭᠣᠰ
ᠤᠷᠤᠭᠤ ᠴᠡᠷᠢᠭ ᠣᠷᠣᠭᠤᠯᠵᠤ᠂ 1237-1241 ᠣᠨ ᠳ᠋ᠤ᠌ ᠪᠠᠲᠤ
ᠬᠠᠨ᠂ ᠰᠦᠪᠡᠭᠡᠳᠡᠢ ᠪᠠᠭᠠᠲᠤᠷ
ᠨᠠᠷ ᠲᠡᠷᠢᠭᠦᠲᠡᠢ ᠮᠣᠩᠭᠣᠯ ᠴᠡᠷᠢᠭ ᠢ᠋ ᠣᠷᠣᠰ᠂
ᠪᠣᠯᠭᠠᠷᠢ᠂ ᠮᠠᠵᠠᠷ᠂ ᠫᠣᠯᠢᠰᠢ᠂ ᠠᠦ᠋ᠰᠲ᠋ᠷᠢᠶ᠎ᠠ᠂ ᠵᠡᠷᠭᠡ ᠤᠯᠤᠰ ᠤ᠋ᠳ ᠤᠷᠤᠭᠤ ᠢᠯᠡᠬᠡᠨ ᠪᠠᠢᠯᠳᠤᠨ
ᠳᠠᠭᠠᠭᠤᠯᠵᠤ ᠪᠠᠢᠵᠠᠢ᠃
ᠥᠭᠡᠳᠡᠢ ᠬᠠᠭᠠᠨ ᠤ᠋ ᠦᠶ᠎ᠡ ᠳ᠋ᠦ᠍ ᠮᠣᠩᠭᠣᠯ
ᠭᠦᠷᠦᠨ ᠦ᠌ ᠪᠣᠳᠣᠯᠭ᠎ᠠ ᠢᠯᠡᠭᠦᠦ ᠲᠦᠷᠢᠮᠡᠬᠡᠢ ᠰᠢᠨᠵᠢᠲᠡᠢ
ᠪᠣᠯᠵᠤ᠂ ᠳᠡᠯᠡᠬᠡᠢ ᠶ᠋ᠢᠨ ᠡᠵᠡᠨ ᠳ᠋ᠦ᠍ ᠭᠦᠷᠦᠨ ᠦ᠌ ᠰᠢᠨᠵᠢ ᠶ᠋ᠢ ᠪᠦᠷᠢᠨ
ᠣᠯᠤᠭᠰᠠᠨ ᠪᠠᠢᠨ᠎ᠠ᠃
ᠥᠭᠡᠳᠡᠢ ᠬᠠᠭᠠᠨ ᠤ᠋ ᠦᠶ᠎ᠡ ᠳ᠋ᠦ᠍ 1240 ᠣᠨ ᠳ᠋ᠤ᠌ 《ᠮᠣᠩᠭᠣᠯ ᠤ᠋ᠨ ᠨᠢᠭᠤᠴᠠ
ᠲᠣᠪᠴᠢᠨ》 ᠬᠡᠮᠡᠬᠦ
ᠲᠡᠦᠬᠡᠨ ᠤᠷᠠᠨ ᠵᠣᠬᠢᠶᠠᠯ ᠲᠤᠭᠤᠷᠪᠢᠭᠳᠠᠵᠤ᠂ ᠮᠣᠩᠭᠣᠯᠴᠤᠳ ᠤ᠋ᠨ ᠡᠷᠲᠡᠨ ᠦ᠌ ᠲᠡᠦᠬᠡ ᠶ᠋ᠢ ᠡᠳᠦᠭᠡ
ᠬᠦᠷᠭᠡᠵᠦ ᠥᠭᠭᠦᠭᠰᠡᠨ ᠶᠤᠮ᠃

