ᠬᠥᠮᠦᠨ ᠬᠡᠯᠡ ᠲᠡᠢ ᠪᠣᠯᠤᠭᠰᠠᠨ ᠨᠢХүн хэлтэй болсон нь
ᠬᠥᠮᠦᠨ ᠬᠡᠯᠡ ᠲᠡᠢ ᠪᠣᠯᠤᠭᠰᠠᠨ ᠨᠢ
ᠡᠷᠲᠡ ᠤᠷᠢᠳᠤ ᠨᠢᠭᠡᠨ ᠴᠠᠭ ᠲᠤ᠌ ᠨᠠᠷᠠ ᠰᠠᠶᠢ ᠮᠠᠨᠳᠤᠵᠤ ᠨᠠᠪᠴᠢ ᠴᠡᠴᠡᠭ ᠰᠠᠶᠢ ᠳᠡᠯᠭᠡᠷᠡᠵᠦ ᠪᠠᠢᠬᠤ ᠳ᠋ᠤ᠌ ᠰᠠᠢᠨ ᠴᠠᠭ ᠤ᠋ᠨ ᠲᠦᠷᠦᠭᠦᠨ ᠳ᠋ᠦ᠍᠂ ᠮᠠᠭᠤ ᠴᠠᠭ ᠤ᠋ᠨ ᠰᠡᠭᠦᠯ ᠳ᠋ᠦ᠍ ᠰᠦᠮᠪᠦᠷ ᠠᠭᠤᠯᠠ ᠶ᠋ᠢ ᠬᠥᠪᠡᠭᠡ ᠪᠠᠢᠬᠤ ᠳ᠋ᠤ᠌ ᠰᠦᠨ ᠳᠠᠯᠠᠢ ᠶ᠋ᠢ ᠲᠣᠭᠣᠷᠢᠮ ᠪᠠᠢᠬᠤ ᠳ᠋ᠤ᠌ ᠭᠠᠯ ᠤ᠋ᠨ ᠬᠥᠪᠡᠭᠡ ᠤᠯᠠᠢᠷᠠᠵᠤ ᠪᠠᠢᠬᠤ ᠳ᠋ᠤ᠌ ᠭᠠᠵᠠᠷ ᠤ᠋ᠨ ᠬᠥᠪᠡᠭᠡ ᠰᠢᠷᠠᠯᠠᠵᠤ ᠪᠠᠢᠬᠤ ᠳ᠋ᠤ᠌ ᠲᠢᠪᠡᠩᠬᠡᠷᠡ ᠶ᠋ᠢᠨ ᠦᠶ᠎ᠡ ᠳ᠋ᠦ᠍
ᠳ᠋ᠧᠪᠠᠵᠠᠨ ᠤ᠋ ᠣᠷᠣᠨ ᠳ᠋ᠤ᠌ ᠪᠤᠷᠬᠠᠨ ᠪᠠᠭᠰᠢ ᠬᠠᠮᠤᠭ ᠠᠮᠢᠲᠠᠨ ᠢ᠋ ᠪᠦᠲᠦᠭᠡᠵᠦ ᠭᠡᠨ᠎ᠡ᠃
ᠪᠤᠷᠬᠠᠨ ᠪᠠᠭᠰᠢ ᠶ᠋ᠢᠨ ᠪᠦᠲᠦᠭᠡᠭᠰᠡᠨ ᠲᠡᠷᠡ ᠣᠯᠠᠨ ᠠᠮᠢᠲᠠᠨ ᠤ᠋ ᠳᠣᠲᠣᠷ᠎ᠠ ᠠ᠋ᠴᠠ ᠬᠠᠮᠤᠭ ᠤ᠋ᠨ ᠬᠦᠴᠦᠨ ᠮᠡᠬᠦᠰ ᠳᠣᠷᠣᠢ ᠨᠢ ᠬᠥᠮᠦᠨ ᠪᠠᠢᠵᠠᠢ᠃
ᠬᠥᠮᠦᠨ ᠬᠠᠮᠤᠭ ᠠᠮᠢᠲᠠᠨ ᠤ᠋ ᠠᠳᠠᠭ ᠲᠤ᠌ ᠣᠷᠣᠵᠤ ᠶᠡᠬᠡᠳᠡ ᠵᠣᠪᠠᠵᠤ ᠵᠦᠳᠡᠷᠡᠬᠦ ᠶ᠋ᠢᠨ ᠡᠷᠬᠡᠨ ᠳ᠋ᠦ᠍ ᠤᠷᠲᠤ ᠶ᠋ᠢᠨ ᠤᠷᠲᠤ ᠵᠠᠮ ᠲᠤᠭᠤᠯᠵᠤ ᠶᠠᠪᠤᠭᠰᠠᠭᠠᠷ ᠪᠤᠷᠬᠠᠨ ᠪᠠᠭᠰᠢ ᠳ᠋ᠤ᠌ ᠪᠠᠷᠠᠯᠬᠠᠵᠤ᠂ ᠵᠣᠪᠠᠯᠠᠩ ᠵᠦᠳᠡᠭᠦᠷᠢ ᠪᠡᠨ ᠬᠡᠯᠡᠵᠦ ᠰᠦᠷ ᠬᠦᠴᠦᠨ ᠬᠠᠢᠷᠠᠯᠠᠭᠠᠴᠢ! ᠭᠡᠮᠡᠨ ᠬᠢᠴᠢᠶᠡᠩᠭᠦᠢᠯᠡᠨ ᠭᠤᠶᠤᠯ᠎ᠠ᠃
ᠪᠤᠷᠬᠠᠨ ᠪᠠᠭᠰᠢ ᠬᠥᠮᠦᠨ ᠢ᠋ ᠭᠡᠭᠡᠨ ᠮᠡᠯᠮᠡᠢ ᠪᠡᠷ ᠢ᠋ᠶ᠋ᠡᠨ ᠲᠣᠯᠢᠳᠠᠨ ᠪᠠᠢᠭᠰᠠᠨ ᠢ᠋ᠶ᠋ᠠᠨ
ᠮᠤᠭᠤᠢᠳ ᠮᠤᠩᠬᠠᠭ ᠬᠠᠷ᠎ᠠ ᠬᠦᠴᠦ ᠪᠡᠷ ᠶᠠᠭᠠᠬᠢᠨ᠎ᠠ᠂ ᠲᠡᠭᠡᠭᠰᠡᠨ ᠳᠣᠣᠷ᠎ᠠ ᠪᠣᠯ ᠪᠢ ᠴᠢᠮ᠎ᠠ ᠳ᠋ᠤ᠌ ᠣᠶᠤᠨ ᠤᠬᠠᠭᠠᠨ ᠬᠠᠢᠷᠠᠯᠠᠶ᠎ᠠ ᠭᠡᠳ ᠴᠠᠭᠯᠠᠰᠢ ᠦᠭᠡᠢ ᠣᠶᠤᠨ ᠲᠠᠢ ᠪᠣᠯᠭᠠᠵᠤ ᠥᠭᠪᠡ ᠭᠡᠨ᠎ᠡ᠃
ᠲᠡᠢᠨ ᠬᠦ᠌ ᠽᠠᠮᠪᠤᠲᠢᠪ ᠤ᠋ᠨ ᠠᠮᠢᠲᠠᠨ ᠪᠦᠬᠦᠨ ᠡᠴᠡ ᠤᠬᠠᠭᠠᠯᠢᠭ ᠣᠶᠤᠨᠯᠢᠭ ᠪᠣᠯᠤᠭᠰᠠᠨ ᠴᠤ᠌ ᠬᠥᠮᠦᠨ ᠪᠠᠰᠠ ᠯᠠ ᠡᠯᠳᠡᠪ ᠦ᠋ᠨ ᠭᠠᠴᠢᠶᠠᠯ ᠵᠣᠪᠠᠯᠠᠩ ᠳ᠋ᠤ᠌ ᠠᠪᠲᠠᠭᠰᠠᠭᠠᠷ ᠵᠦᠳᠡᠷᠡᠭᠰᠡᠭᠡᠷ ᠠᠪᠠᠢ᠃
ᠲᠡᠭᠡᠬᠦ ᠪᠡᠷ ᠨᠢ ᠳᠠᠬᠢᠭᠠᠳ ᠯᠡ ᠪᠤᠷᠬᠠᠨ ᠪᠠᠭᠰᠢ ᠳ᠋ᠤ᠌ ᠪᠠᠷᠠᠯᠬᠠᠵᠤ ᠬᠡᠯᠡ ᠭᠤᠶᠤᠵᠠᠢ᠃ ᠬᠡᠯᠡ ᠲᠡᠢ ᠪᠣᠯᠤᠩᠭᠤᠲᠠ ᠬᠠᠷᠢᠨ ᠬᠥᠮᠦᠨ ᠦ᠌ ᠪᠡᠶ᠎ᠡ ᠶ᠋ᠢᠨ ᠬᠦᠴᠦᠨ ᠬᠣᠷᠢᠭᠳᠠᠰᠢ ᠦᠭᠡᠢ᠂ ᠣᠶᠤᠨ ᠤ᠋ ᠬᠦᠴᠦᠨ ᠴᠠᠭᠯᠠᠰᠢ ᠦᠭᠡᠢ ᠶᠡᠬᠡ ᠪᠣᠯᠵᠤ ᠶᠠᠭᠤ ᠶᠠᠭᠤ ᠳᠤᠷ᠎ᠠ ᠲᠠᠢ ᠪᠠᠨ ᠵᠣᠷᠢᠭ ᠢ᠋ᠶ᠋ᠠᠷ ᠢ᠋ᠶ᠋ᠠᠨ ᠬᠢᠳᠡᠭ ᠪᠣᠯᠪᠠ ᠭᠡᠨ᠎ᠡ᠂ ᠪᠦᠷ ᠳᠡᠭᠡᠷ᠎ᠡ ᠪᠡᠨ ᠠᠬ᠎ᠠ ᠦᠭᠡᠢ᠂ ᠳᠡᠷᠭᠡᠳᠡ ᠪᠡᠨ ᠢᠵᠢᠯᠢ ᠦᠭᠡᠢ ᠳᠡᠭᠡᠷᠡᠯᠬᠡᠦ ᠣᠮᠣᠭᠲᠤ ᠨᠢᠭᠡᠨ ᠪᠣᠯᠵᠤ ᠬᠤᠪᠢᠷᠠᠪᠠ᠃
ᠪᠤᠷᠬᠠᠨ ᠪᠠᠭᠰᠢ ᠴᠤ᠌ ᠬᠥᠮᠦᠨ ᠦ᠌ ᠡᠨᠡ ᠰᠦᠷ ᠬᠦᠴᠦ ᠶ᠋ᠢ ᠳᠤᠮᠳᠠᠯᠠᠬᠤ ᠦᠭᠡᠢ ᠭᠣᠷᠢ ᠦᠭᠡᠢ ᠭᠡᠵᠦ ᠪᠣᠳᠣᠭᠠᠳ᠂ ᠶᠠᠭᠠᠬᠢᠶ᠎ᠠ ᠳᠠ ᠪᠠᠢᠵᠠ ᠭᠡᠮᠡᠨ ᠨᠣᠮ ᠤ᠋ᠨ ᠬᠦᠷᠳᠦ ᠶ᠋ᠢ ᠪᠢᠰᠢᠯᠭᠠᠵᠤ ᠰᠠᠭᠤᠭᠰᠠᠨ ᠢ᠋ᠶ᠋ᠠᠨ ᠨᠢᠭᠡᠨ ᠮᠡᠷᠭᠡᠨ ᠠᠷᠭ᠎ᠠ ᠣᠯᠪᠠ ᠭᠡᠨ᠎ᠡ᠃ ᠪᠤᠷᠬᠠᠨ ᠪᠠᠭᠰᠢ ᠬᠥᠮᠦᠨ ᠦ᠌ ᠬᠡᠯᠡ ᠶ᠋ᠢ ᠠᠩᠭᠢᠯᠠᠨ ᠢᠯᠭᠠᠵᠤ ᠥᠭᠡᠷ᠎ᠡ ᠥᠭᠡᠷ᠎ᠡ ᠬᠡᠯᠡ ᠲᠡᠢ᠂ ᠠᠪᠤᠭᠰᠠᠭᠠᠷ ᠬᠣᠭᠣᠷᠣᠨᠳᠣ ᠪᠠᠨ ᠣᠢᠯᠠᠭᠠᠯᠴᠠᠬᠤ ᠪᠠᠷ ᠦᠭᠡᠢ ᠪᠣᠯᠭᠠᠵᠤ ᠬᠤᠪᠢᠷᠠᠭᠤᠯᠵᠠᠢ᠃ᠣᠯᠠᠨ ᠬᠡᠯᠡ ᠲᠡᠢ ᠪᠣᠯᠤᠭᠰᠠᠨ ᠠ᠋ᠴᠠ ᠬᠥᠮᠦᠨ ᠦ᠌ ᠰᠦᠷ ᠬᠦᠴᠦ᠂ ᠣᠮᠣᠭ ᠠᠭᠤᠷ ᠴᠤ᠌ ᠳᠠᠷᠤᠭᠳᠠᠪᠠ᠂ᠠᠴᠢ ᠶ᠋ᠢ ᠪᠣᠳᠣᠵᠤ᠂ ᠶᠣᠰᠣ ᠶ᠋ᠢ ᠳᠠᠭᠠᠳᠠᠭ ᠪᠣᠯᠪᠠ᠂ ᠠᠪᠤᠷᠢ ᠵᠠᠩ ᠴᠤ᠌ ᠤᠰᠬᠠᠯ ᠵᠥᠭᠡᠯᠡᠨ ᠪᠣᠯᠵᠠᠢ᠃
ᠴᠢᠩᠭᠢᠲᠡᠯ᠎ᠡ ᠬᠥᠮᠦᠨ ᠢ᠋ ᠬᠡᠯᠡ ᠲᠡᠢ ᠪᠣᠯᠤᠭᠰᠠᠨ ᠠ᠋ᠴᠠ ᠬᠣᠢᠰᠢ ᠪᠠᠰᠠ ᠠᠲᠠᠭᠠᠷᠬᠠᠵᠤ ᠬᠣᠷᠣᠰᠳᠠᠭ ᠠᠮᠢᠲᠠᠳ ᠴᠤ᠌ ᠭᠠᠷᠴᠤ ᠢᠷᠡᠪᠡ᠃ ᠬᠠᠮᠤᠭ ᠤ᠋ᠨ ᠶᠡᠬᠡ ᠬᠣᠷᠣᠰᠤᠭᠰᠠᠨ ᠨᠢ ᠴᠣᠭᠴᠠᠭᠢ᠃ ᠴᠣᠭᠴᠠᠭᠢ ᠰᠢᠪᠠᠭᠤ ᠬᠥᠮᠦᠨ ᠦ᠌ ᠰᠦᠷ ᠬᠦᠴᠦ ᠬᠡᠯᠡ ᠤᠰᠤᠨ ᠳ᠋ᠤ᠌ ᠪᠠᠨ ᠪᠠᠢᠨ᠎ᠠ ᠭᠡᠵᠦ ᠪᠣᠳᠣᠭᠠᠳ ᠢᠷᠠᠭᠤ ᠬᠡᠯᠡ ᠬᠠᠢᠷᠠᠯᠠᠭᠠᠴᠢ ᠭᠡᠮᠡᠨ ᠪᠤᠷᠬᠠᠨ ᠪᠠᠭᠰᠢ ᠳ᠋ᠤ᠌ ᠪᠠᠷᠠᠯᠬᠠᠵᠠᠢ᠂ ᠪᠦᠷ ᠪᠠᠢᠨ ᠪᠠᠢᠨ ᠪᠠᠷᠠᠯᠬᠠᠭᠰᠠᠭᠠᠷ ᠳᠠᠯᠠᠨ ᠥᠩᠭᠡ ᠶ᠋ᠢᠨ ᠢᠷᠠᠭᠤ ᠬᠡᠯᠡ ᠲᠡᠢ ᠪᠣᠯᠤᠭᠰᠠᠨ ᠴᠤ᠌ ᠣᠶᠤᠨ ᠤᠬᠠᠭᠠᠨ ᠬᠣᠮᠰᠠ ᠬᠡᠪ ᠢ᠋ᠶ᠋ᠡᠷ ᠬᠣᠢᠨ᠎ᠠ᠂ ᠬᠥᠮᠦᠨ ᠦ᠌ ᠠᠳᠠᠯᠢ ᠬᠦᠴᠦ ᠲᠡᠢ ᠪᠣᠯᠵᠤ ᠴᠢᠳᠠᠭᠰᠠᠨ ᠦᠭᠡᠢ ᠪᠠᠢᠳᠠᠭ ᠯᠠ ᠨᠢᠭᠡ ᠵᠢᠭᠦᠷᠲᠡᠨ ᠬᠡᠪ ᠢ᠋ᠶ᠋ᠡᠷ ᠦᠯᠡᠳᠡᠭᠰᠡᠨ ᠭᠡᠳᠡᠭ᠃
ᠦᠰᠦᠭ ᠠᠮᠢᠯᠠᠭᠤᠯᠤᠭᠴᠢ᠄ ᠸᠸᠢᠰᠢᠩᠬᠤᠸᠠᠷ
ᠬᠢᠨᠠᠭᠴᠢ᠄ ᠵᠢᠩᠯᠢᠬᠤᠸᠠᠷ
