ᠡᠪᠦᠭᠡᠳ ᠦ᠋ᠨ ᠠᠭᠤᠯᠵᠠᠷ -ᠨᠠᠮᠵᠢᠯ ᠦᠨ ᠮᠥᠩᠬᠡᠪᠠᠶᠠᠷӨвгөдийн уулзар-Намжлын Мөнхбаяр
ᠡᠪᠦᠭᠡᠳ ᠦ᠋ᠨ ᠠᠭᠤᠯᠵᠠᠷ
ᠵᠣᠬᠢᠶᠠᠭᠴᠢ᠄ ᠨᠠᠮᠵᠢᠯ ᠤ᠋ᠨ ᠮᠥᠩᠬᠡᠪᠠᠶᠠᠷ
ᠰᠠᠴᠤᠷᠠᠯᠲᠤ ᠤᠩᠰᠢᠪᠠ
ᠮᠢᠨᠦ ᠪᠠᠭ᠎ᠠ ᠨᠠᠰᠤ ᠬᠠᠬᠢᠷ ᠤ᠋ᠨ ᠬᠥᠪᠡᠭᠦᠨ ᠡᠴᠡ ᠡᠬᠢᠯᠡᠳᠡᠭ᠂ ᠬᠠᠬᠢᠷ ᠤ᠋ᠨ ᠭᠣᠣᠯ ᠬᠠᠮᠢᠭ᠎ᠠ ᠬᠦᠷᠲᠡᠯ᠎ᠡ ᠬᠠᠷᠭᠢᠯᠠᠨ ᠪᠤᠷᠭᠢᠯᠤᠨ ᠤᠷᠤᠰᠳᠠᠭ ᠢ᠋ ᠪᠢ ᠲᠥᠰᠦᠭᠡᠯᠡᠭᠡ ᠦᠭᠡᠢ᠂ ᠲᠥᠰᠦᠭᠡᠯᠡᠬᠦ ᠶ᠋ᠢ ᠴᠦ᠍ ᠶᠡᠷᠦ ᠡᠴᠡ ᠪᠡᠨ ᠰᠠᠨᠠᠭ᠎ᠠ ᠦᠭᠡᠢ ᠯᠡ ᠶᠠᠪᠤᠭᠰᠠᠨ ᠳᠠ! ᠬᠣᠯᠠ ᠶᠠᠪᠤᠳᠠᠭ ᠭᠡᠵᠦ ᠠᠪᠤ ᠮᠢᠨᠢ ᠬᠡᠯᠡᠳᠡᠭ ᠪᠠᠢᠭᠰᠠᠨ ᠂ ᠬᠠᠷ᠎ᠠ ᠪᠠᠭ᠎ᠠ ᠠ᠋ᠴᠠ ᠪᠠᠨ ᠬᠥᠪᠡᠭᠡ ᠲᠣᠬᠣᠢ ᠪᠠᠷ ᠨᠢ ᠨᠡᠭᠦᠵᠦ ᠰᠠᠭᠤᠵᠤ ᠠᠮᠢᠳᠤᠷᠠᠭᠰᠠᠨ ᠪᠣᠯᠬᠣᠷ ᠬᠠᠬᠢᠷ ᠤ᠋ᠨ ᠭᠣᠣᠯ ᠳ᠋ᠤ᠌ ᠪᠠᠨ ᠪᠢ ᠡᠯᠢᠭᠡ ᠵᠢᠷᠦᠬᠡᠨ ᠡᠴᠡ ᠪᠡᠨ ᠬᠠᠢᠷᠠᠲᠠᠢ᠃ ᠬᠠᠬᠢᠷ ᠤ᠋ᠨ ᠬᠥᠨᠳᠡᠢ ᠶ᠋ᠢᠨ ᠬᠣᠯᠬᠣᠴᠢᠨ ᠬᠡᠮᠡᠬᠦ ᠨᠠᠮᠬᠠᠨ ᠣᠷᠣᠢ ᠶ᠋ᠢᠨ ᠡᠩᠭᠡᠷ ᠲᠦ᠍ ᠪᠠᠢᠷᠢᠯᠠᠳᠠᠭ ᠡᠪᠦᠭᠡᠳ ᠦ᠋ᠨ ᠠᠭᠤᠯᠵᠠᠷ ᠭᠡᠳᠡᠭ ᠥᠨᠳᠥᠷ ᠳᠡᠭᠡᠳᠦᠰ ᠦ᠋ᠨ ᠢ᠋ᠶ᠋ᠡᠨ ᠪᠤᠩᠬᠤᠨ ᠳ᠋ᠤ᠌ ᠠᠪᠤ ᠶ᠋ᠢ ᠪᠡᠨ ᠨᠤᠲᠤᠭᠯᠠᠭᠤᠯᠤᠭᠰᠠᠨ ᠲᠡᠷᠡ ᠡᠳᠦᠷ᠂ ᠬᠠᠬᠢᠷ ᠤ᠋ᠨ ᠭᠣᠣᠯ ᠤ᠋ᠨ ᠬᠠᠷᠭᠢᠶ᠎ᠠ ᠶᠠᠭ ᠯᠠ ᠮᠢᠨᠦ ᠥᠨᠥᠴᠢᠷᠡᠭᠰᠡᠨ ᠰᠡᠳᠬᠢᠯ ᠦ᠋ᠨ ᠭᠠᠰᠠᠯᠤᠯ ᠤ᠋ᠨ ᠳᠠᠭᠤᠨ ᠰᠢᠭ᠋ ᠳᠤᠭᠤᠯᠳᠠᠵᠤ ᠪᠠᠢᠭᠰᠠᠨ ᠢ᠋ ᠬᠡᠯᠡᠭᠡᠳ ᠶᠠᠭᠠᠬᠢᠬᠤᠪ!
ᠬᠠᠬᠢᠷ ᠮᠢᠨᠢ ᠴᠦ᠍ ᠦᠷ᠎ᠡ ᠪᠡᠨ ᠠᠯᠳᠠᠬᠤ ᠶ᠋ᠢ ᠬᠦᠰᠡᠳᠡᠭ ᠦᠭᠡᠢ ᠪᠠᠢᠬ᠎ᠠ᠂ ᠬᠠᠬᠢᠷ ᠤ᠋ᠨ ᠬᠥᠪᠡᠭᠡᠨ ᠳ᠋ᠦ᠍ ᠲᠠ ᠨᠠᠮ᠎ᠠ ᠶ᠋ᠢ ᠠᠪᠴᠢᠷᠠᠭᠰᠠᠨ ᠬᠠᠬᠢᠷ ᠤ᠋ᠨ ᠢ᠋ᠶ᠋ᠠᠨ ᠬᠥᠪᠡᠭᠡᠨ ᠳ᠋ᠦ᠍ ᠲᠠᠨ ᠢ᠋ ᠪᠡᠨ ᠪᠢ ᠪᠤᠩᠬᠤᠯᠠᠭᠰᠠᠨ ᠭᠡᠮᠡᠨ ᠭᠤᠨᠢᠭᠲᠤ ᠰᠡᠳᠬᠢᠯ ᠳ᠋ᠦ᠍ ᠠᠪᠲᠠᠨ᠂ ᠠᠪᠤ ᠶ᠋ᠢᠨ ᠢ᠋ᠶ᠋ᠡᠨ ᠪᠤᠩᠬᠤᠨ ᠤ᠋ ᠡᠩᠭᠡᠷ ᠲᠦ᠍ ᠡᠬᠡᠷ ᠲᠡᠳᠡᠨ ᠣᠬᠢᠯᠠᠴᠤ ᠤᠬᠢᠯᠠᠭᠠᠳ ᠪᠤᠴᠠᠭᠰᠠᠨ ᠢ᠋ ᠬᠠᠬᠢᠷ᠂ ᠬᠣᠯᠬᠣᠴᠢᠨ ᠬᠣᠶᠠᠷ ᠮᠢᠨᠢ ᠯᠡ ᠮᠡᠳᠡᠨ᠎ᠡ ᠬᠣᠯᠬᠣᠴᠢᠨ ᠤ᠋ ᠪᠠᠷᠠᠭᠤᠨ ᠰᠤᠭᠤ ᠪᠠᠷ ᠬᠠᠬᠢᠷ ᠤ᠋ᠨ ᠭᠣᠣᠯ ᠮᠢᠷᠠᠯᠵᠠᠨ ᠤᠷᠤᠰᠤᠨ᠎ᠠ᠂ ᠥᠴᠢ ᠲᠥᠴᠢᠨᠡᠨ ᠣᠨ ᠵᠢᠯ ᠦ᠋ᠨ ᠲᠤᠷᠰᠢ ᠡᠪᠦᠭᠡ ᠳᠡᠭᠡᠳᠦᠰ ᠮᠢᠨᠢ ᠬᠠᠬᠢᠷ ᠤ᠋ᠨ ᠭᠣᠣᠯ ᠠ᠋ᠴᠠ ᠪᠠᠨ ᠤᠰᠤ ᠳᠠᠮᠨᠠᠵᠤ᠂ ᠬᠠᠬᠢᠷ ᠤ᠋ᠨ ᠬᠥᠨᠳᠡᠢ ᠡᠴᠡ ᠪᠡᠨ ᠲᠦᠯᠡᠭᠡ ᠲᠡᠭᠡᠭᠰᠡᠨ ᠢ᠋ ᠣᠨ ᠴᠠᠭ ᠯᠠ ᠭᠡᠷᠡᠴᠢᠯᠡᠨ᠎ᠡ᠃ ᠬᠠᠬᠢᠷ ᠤ᠋ᠨ ᠦᠷᠡᠰ ᠬᠠᠬᠢᠷ ᠲᠤ᠌ ᠯᠠ ᠪᠤᠴᠠᠨ᠎ᠠ᠃
ᠠᠪᠤ ᠮᠢᠨᠢ ᠠᠪᠰᠠᠨ ᠳᠣᠲᠣᠷ᠎ᠠ ᠪᠠᠢᠬᠤ ᠳ᠋ᠤ᠌ ᠨᠢ ᠪᠢ ᠬᠠᠴᠠᠷ ᠢ᠋ ᠨᠢ ᠢᠯᠠᠵᠤ ᠦᠵᠡᠭᠰᠡᠨ ᠶᠤᠮ᠂ ᠴᠢᠪ ᠬᠦᠢᠲᠡᠨ᠂ ᠶᠢᠷᠲᠢᠨᠴᠦ ᠳ᠋ᠦ᠍ ᠡᠨᠡ ᠡᠴᠡ ᠬᠦᠢᠲᠡᠨ ᠶᠠᠭᠤᠮ᠎ᠠ ᠪᠠᠢᠬᠤ ᠦᠭᠡᠢ ᠶᠤᠮ ᠰᠢᠭ ᠯᠡ ᠮᠡᠳᠡᠷᠡᠮᠵᠢ ᠥᠭᠭᠦᠭᠰᠡᠨ᠂ ᠦᠬᠦᠯ ᠬᠦᠢᠲᠡᠨ ᠤᠤ᠂ ᠡᠷᠯᠢᠭ ᠬᠦᠢᠲᠡᠨ ᠤᠤ ᠭᠡᠳᠡᠭ ᠢ᠋ ᠡᠨᠡ ᠦᠶ᠎ᠡ ᠪᠣᠳᠣᠬᠤ ᠰᠡᠭᠡᠭᠡ ᠪᠠᠢᠭ᠎ᠠ ᠦᠭᠡᠢ᠂ ᠠᠪᠤ ᠮᠢᠨᠢ ᠥᠭᠡᠳᠡ ᠪᠣᠯᠤᠭᠠᠳ ᠠᠭᠤᠯᠠ ᠮᠢᠨᠢ ᠨᠤᠷᠠᠭᠰᠠᠨ ᠶᠤᠮ ᠰᠢᠭ᠋ ᠶᠠᠮᠠᠷ ᠴᠦ᠍ ᠨᠥᠮᠥᠷᠢ ᠨᠥᠯᠥᠭ ᠦᠭᠡᠢ ᠪᠣᠯᠤᠭᠰᠠᠨ ᠯᠠ ᠳᠠ᠂ ᠠᠪᠤ ᠠ᠋ᠴᠠ ᠪᠠᠨ ᠬᠣᠢᠰᠢ ᠣᠯᠠᠨ ᠵᠢᠯ ᠰᠡᠳᠬᠢᠯ ᠬᠦᠨᠳᠦ ᠶᠠᠪᠤᠯ᠎ᠠ᠂ ᠬᠠᠶᠠ ᠠᠪᠤ ᠶ᠋ᠢᠨ ᠢ᠋ᠶ᠋ᠡᠨ ᠥᠯᠳᠡᠭᠡᠭᠰᠡᠨ ᠵᠢᠷᠤᠭ ᠢ᠋ ᠬᠠᠷᠠᠵᠤ᠂ ᠬᠥᠮᠦᠨ ᠦ᠌ ᠨᠢᠳᠦᠨ ᠡᠴᠡ ᠳᠠᠯᠳᠠᠭᠤᠷ ᠨᠢᠯᠪᠤᠰᠤ ᠤᠨᠠᠭᠠᠳᠠᠭ ᠪᠠᠢᠯ᠎ᠠ᠂ ᠲᠡᠭᠡᠭᠡᠳ ᠯᠡ ᠠᠪᠤ ᠲᠠᠢ ᠪᠠᠨ ᠪᠢ ᠭᠠᠭᠴᠠ ᠨᠢᠭᠡ ᠵᠢᠷᠤᠭ ᠠᠪᠬᠠᠭᠤᠯᠤᠭᠰᠠᠨ ᠦᠭᠡᠢ ᠪᠡᠨ ᠮᠡᠳᠡᠭᠡᠳ ᠤᠯᠠᠮ ᠴᠦ᠍ ᠪᠦᠷ ᠭᠤᠨᠢᠬᠤ ᠪᠣᠯᠤᠭᠰᠠᠨ ᠶᠤᠮ᠃ ᠲᠡᠷᠡ ᠡᠴᠡ ᠬᠣᠢᠰᠢ ᠡᠵᠢ ᠲᠡᠢ ᠪᠡᠨ ᠬᠠᠮᠲᠤ ᠪᠠᠢᠯᠴᠠᠭᠰᠠᠨ ᠮᠥᠴᠡ ᠪᠦᠷᠢ ᠳ᠋ᠤ᠌ ᠪᠠᠢᠩᠭᠤ ᠯᠠ ᠬᠠᠮᠲᠤ ᠶ᠋ᠢᠨ ᠵᠢᠷᠤᠭ ᠠᠪᠳᠠᠭ ᠪᠠᠢᠳᠠᠭ ᠪᠣᠯᠤᠭᠰᠠᠨ᠂ ᠠᠪᠤ ᠲᠠᠢ ᠪᠠᠨ ᠠᠪᠬᠠᠭᠤᠯᠤᠭᠠ ᠦᠭᠡᠢ ᠵᠢᠷᠤᠭ ᠢ᠋ᠶ᠋ᠠᠨ ᠡᠵᠢ ᠲᠡᠢ ᠪᠡᠨ ᠠᠪᠴᠤ ᠭᠦᠢᠴᠡᠶ᠎ᠡ ᠯᠡ ᠭᠡᠰᠡᠨ ᠪᠣᠳᠣᠯ ᠢᠯᠡᠭᠦᠦ ᠵᠠᠢᠴᠢᠯᠠᠭᠰᠠᠨ ᠠ᠋ᠴᠠ ᠪᠣᠯᠤᠭᠰᠠᠨ ᠪᠠᠢᠬ᠎ᠠ ᠳᠠ ᠡᠵᠢ ᠮᠢᠨᠢ ᠵᠥᠩᠳᠡᠭᠡᠨ ᠯᠡ ᠨᠠᠳᠠ ᠲᠠᠢ ᠵᠢᠷᠤᠭ ᠠᠪᠬᠠᠭᠤᠯᠬᠤ ᠳᠤᠷᠠᠲᠠᠢ ᠂ ᠠᠪᠤ ᠲᠠᠢ ᠪᠠᠨ ᠪᠢ ᠭᠠᠭᠴᠠ ᠴᠦ᠍ ᠵᠢᠷᠤᠭ ᠠᠪᠬᠠᠭᠤᠯᠤᠭᠠ ᠦᠭᠡᠢ ᠶ᠋ᠢ ᠮᠡᠳᠡᠬᠦ ᠦᠭᠡᠢ ᠯᠡ ᠪᠠᠢᠭᠠᠰᠠᠢ ᠭᠡᠵᠦ ᠵᠠᠯᠪᠠᠷᠢᠳᠠᠭ᠃ ᠨᠠᠳᠠ ᠲᠠᠢ ᠵᠢᠷᠤᠭ ᠳᠠᠷᠤᠭᠤᠯᠬᠤ ᠪᠣᠯᠭᠠᠨ ᠡᠵᠢ ᠶ᠋ᠢᠨ ᠮᠢᠨᠢ ᠨᠢᠳᠦᠨ ᠳ᠋ᠤ᠌ ᠵᠠᠢᠷ ᠲᠠᠢ ᠪᠠᠢᠳᠠᠭ ᠢ᠋ ᠪᠢ ᠡᠷᠲᠡ ᠡᠴᠡ ᠠᠩᠵᠠᠭᠠᠷᠠᠵᠤ ᠪᠢᠯᠡ᠂
ᠴᠠᠰᠤ ᠲᠤᠢᠯᠠᠯᠠ᠂ ᠡᠪᠦᠯᠵᠢᠩᠬᠡᠨ ᠬᠦᠯᠢᠶᠡᠯᠭᠡᠭᠰᠡᠨ ᠴᠠᠰᠤ ᠬᠠᠪᠤᠷ ᠲᠠᠢᠰᠢ ᠪᠠᠨ ᠬᠠᠶᠠᠯᠠᠵᠤ ᠡᠬᠢᠯᠡᠬᠦ ᠪᠡᠷ ᠶᠠᠭ ᠯᠠ ᠣᠷᠴᠢᠯᠠᠩ ᠤ᠋ᠨ ᠮᠠᠷᠲᠠᠭᠳᠠᠭᠰᠠᠨ ᠵᠡᠭᠦᠳᠦ ᠶ᠋ᠢ ᠳᠠᠬᠢᠨ ᠰᠠᠨᠠᠭᠤᠯᠬᠤ ᠰᠢᠭ᠋ ᠴᠠᠭᠠᠨ᠎ᠠ ᠪᠠᠨ ᠨᠢᠭᠡ ᠯᠡ ᠭᠤᠨᠢᠭᠲᠠᠢ᠂ ᠴᠠᠰᠤ ᠮᠠᠯᠠᠭᠠᠢᠯᠠᠭᠰᠠᠨ ᠬᠠᠬᠢᠷ ᠤ᠋ᠨ ᠬᠥᠨᠳᠡᠢ ᠶ᠋ᠢᠨ ᠬᠥᠬᠡ ᠠᠭᠤᠯᠠᠰ ᠢ᠋ᠶ᠋ᠠᠨ ᠪᠠᠷᠠᠯᠠᠬᠤ ᠳ᠋ᠤ᠌ ᠠᠪᠤ ᠮᠢᠨᠢ ᠳᠤᠷᠠᠰᠤᠭᠳᠠᠨ᠎ᠠ᠃ ᠶᠠᠭ ᠯᠠ ᠮᠠᠭᠤ ᠡᠷ᠎ᠡ ᠶ᠋ᠢᠨ ᠮᠠᠯᠠᠭᠠᠢ ᠶ᠋ᠢᠨ ᠴᠢᠨᠡᠭᠡ ᠲᠣᠮᠣ ᠲᠣᠮᠣ ᠯᠠᠪᠰᠠ ᠬᠠᠶᠠᠯᠠᠭᠰᠠᠨ ᠡᠳᠦᠷ ᠠᠪᠤ ᠮᠠᠨᠢ ᠬᠠᠯᠢᠶᠠᠪᠦᠷᠢ ᠪᠡᠨ ᠭᠡᠳᠡᠷᠭᠡᠯᠡᠵᠦ᠂ ᠪᠢ ᠳᠡᠭᠦᠵᠢᠩ ᠪᠢᠯᠠᠭᠤ ᠪᠠᠨ ᠰᠣᠢᠯᠠᠭᠠᠳ ᠲᠠᠤᠯᠠᠢ ᠶ᠋ᠢᠨ ᠠᠪᠠ ᠳ᠋ᠤ᠌ ᠭᠠᠷᠳᠠᠭ ᠪᠠᠢᠭᠰᠠᠨ ᠯᠠ ᠳᠠ ᠂ ᠠᠪᠤ ᠮᠢᠨᠢ ᠠᠩᠴᠢᠨ ᠪᠢᠰᠢ᠂ ᠵᠦᠭᠡᠷ ᠯᠡ ᠠᠩ ᠳ᠋ᠤ᠌ ᠬᠣᠷᠣᠬᠠᠢ ᠲᠠᠢ ᠨᠢᠭᠡᠨ᠂ ᠣᠳᠣ ᠭᠡᠬᠦ ᠳ᠋ᠦ᠍ ᠠᠩ ᠤ᠋ᠨ ᠳᠤᠷᠠᠰᠤᠮᠵᠢ ᠶ᠋ᠢ ᠨᠢᠭᠡ ᠦᠯᠡᠳᠡᠭᠡᠵᠦ ᠠᠪᠤ ᠮᠢᠨᠢ ᠬᠠᠬᠢᠷ ᠤ᠋ᠨ ᠬᠥᠨᠳᠡᠢ ᠳ᠋ᠤ᠌ ᠪᠡᠨ ᠪᠤᠴᠠᠵᠠᠢ᠃
ᠴᠠᠰᠤ ᠬᠠᠶᠠᠯᠠᠵᠤ ᠯᠠ ᠪᠠᠢᠨ᠎ᠠ᠂ ᠴᠠᠰᠤ ᠶ᠋ᠢ ᠪᠢ ᠡᠭᠳᠡᠭᠦᠴᠡᠳᠡᠭ ᠦᠭᠡᠢ ᠪᠠᠰᠠ ᠨᠢᠭᠡ ᠶᠡᠬᠡ ᠬᠦᠰᠡᠳᠡᠭ ᠦᠭᠡᠢ᠂ ᠶᠠᠭᠤ ᠭᠡᠪᠡᠰᠦ᠂ ᠴᠠᠰᠤ ᠬᠠᠷᠠᠮᠠᠭᠴᠠ ᠯᠠ ᠠᠪᠤ ᠲᠠᠢ ᠪᠠᠨ ᠪᠠᠢᠭᠰᠠᠨ ᠡᠳᠦᠷ ᠬᠣᠨᠣᠭ ᠤ᠋ᠳ ᠨᠢᠳᠦᠨ ᠳ᠋ᠤ᠌ ᠲᠣᠳᠣᠷᠠᠨ ᠰᠡᠳᠬᠢᠯ ᠦ᠋ᠨ ᠰᠢᠷᠬ᠎ᠠ ᠶ᠋ᠢ ᠡᠪᠡᠳᠬᠡᠬᠦ ᠨᠢ ᠬᠡᠴᠡᠭᠦᠦ᠂ ᠬᠣᠯᠬᠣᠴᠢᠨ ᠤ᠋ ᠡᠩᠭᠡᠷ ᠠᠩᠬ᠎ᠠ ᠬᠦᠷᠬᠦ ᠳ᠋ᠦ᠍ ᠪᠡᠨ ᠠᠪᠤ ᠶ᠋ᠢ ᠪᠡᠨ ᠬᠦᠷᠭᠡᠵᠦ ᠣᠴᠢᠨ᠎ᠠ ᠭᠡᠮᠡᠨ ᠠᠷᠪᠠᠨ ᠵᠡᠭᠦᠳᠦᠨ ᠳ᠋ᠦ᠍ ᠴᠦ᠍ ᠪᠠᠢᠭ᠎ᠠ ᠦᠭᠡᠢ ᠪᠠᠢᠭᠰᠠᠨ᠂ ᠠᠪᠤ ᠶ᠋ᠢ ᠪᠡᠨ ᠡᠪᠦᠭᠡᠳ ᠲᠦ᠍ ᠨᠢ ᠪᠤᠴᠠᠭᠠᠵᠤ ᠭᠠᠩᠰᠠᠷᠠᠭᠰᠠᠨ ᠰᠡᠳᠬᠢᠯ ᠢ᠋ᠶ᠋ᠡᠨ ᠡᠪᠦᠷᠯᠡᠨ ᠡᠷᠭᠢᠨ ᠡᠷᠭᠢᠨ ᠬᠠᠷᠠᠭᠰᠠᠭᠠᠷ ᠪᠤᠴᠠᠨ᠎ᠠ ᠴᠦ᠍ ᠭᠡᠵᠦ ᠶᠡᠷᠦ ᠪᠣᠳᠣᠭ᠎ᠠ ᠦᠭᠡᠢ ᠯᠡ ᠶᠠᠪᠤᠯ᠎ᠠ ᠡᠪᠦᠭᠡᠳ ᠦ᠋ᠨ ᠠᠭᠤᠯᠵᠠᠷ ᠲᠤ᠌ ᠰᠢᠨ᠎ᠡ ᠪᠤᠩᠬᠤᠨ ᠨᠡᠮᠡᠭᠳᠡᠯ᠎ᠡ᠂
ᠲᠡᠷᠡ ᠮᠥᠴᠡ ᠡᠴᠡ ᠡᠬᠢᠯᠡᠨ ᠬᠣᠯᠬᠣᠴᠢᠨ ᠪᠢᠳᠡ ᠬᠣᠶᠠᠷ ᠵᠡᠭᠦᠳᠦᠨ ᠦ᠌ ᠪᠠᠷᠢᠯᠳᠤᠯᠭ᠎ᠠ ᠲᠠᠢ ᠪᠣᠯᠤᠭᠰᠠᠨ ᠶᠤᠮ᠂ ᠬᠠᠬᠢᠷ ᠤ᠋ᠨ ᠤᠷᠤᠰᠬᠠᠯ ᠣᠨ ᠴᠠᠭ ᠢ᠋ ᠳᠠᠭᠠᠭᠤᠯᠤᠨ ᠤᠷᠤᠰᠤᠨ ᠤᠷᠤᠰᠤᠭᠰᠠᠭᠠᠷ ᠣᠯᠠᠨ ᠵᠢᠯ ᠥᠩᠭᠡᠷᠡᠵᠡᠢ᠂ ᠭᠡᠰᠡᠨ ᠬᠡᠳᠦᠢ ᠴᠦ᠍ ᠬᠣᠯᠬᠣᠴᠢᠨ ᠠ᠋ᠴᠠ ᠢᠷᠡᠬᠦ ᠵᠡᠭᠦᠳᠦ ᠮᠢᠨᠢ ᠰᠢᠨ᠎ᠡ ᠯᠡ ᠬᠡᠪ ᠢ᠋ᠶ᠋ᠡᠷ ᠢ᠋ᠶ᠋ᠡᠨ᠂ ᠡᠪᠦᠭᠡᠳ ᠦ᠋ᠨ ᠠᠭᠤᠯᠵᠠᠷ ᠲᠤ᠌ ᠪᠠᠨ ᠡᠪᠦᠭᠡᠳ ᠮᠢᠨᠢ ᠠᠭᠤᠯᠵᠠᠨ᠎ᠠ ᠡᠪᠦᠭᠡᠳ ᠲᠡᠢ ᠪᠡᠨ ᠪᠢ ᠠᠭᠤᠯᠵᠠᠨ᠎ᠠ᠂
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
