ᠯᠠᠵᠤᠤ Лаажуу Laajuu ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠠᠵᠤᠤ Лаажуу Laajuu

ᠯᠠᠵᠤᠤ Лаажуу Laajuu

2025-05-01

211

ᠯᠠᠵᠤᠤ

   ᠲᠤᠰ ᠡᠮ ᠪᠣᠯ ᠬᠠᠰᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠯᠠᠵᠤᠤ ᠶ᠋ᠢᠨ ᠪᠣᠯᠪᠠᠰᠤᠷᠠᠮᠠᠯ ᠵᠢᠮᠢᠰ ᠮᠥᠨ᠃ ᠪᠠᠰᠠ ᠼᠢᠳᠷᠠᠭ᠎ᠠ᠂ ᠬᠠᠯᠠᠭᠤᠨ ᠨᠣᠭᠣᠭ᠎ᠠ ᠭᠡᠳᠡᠭ᠃
   [ ᠤᠤᠯ ᠤᠷᠭᠤᠮᠠᠯ] ᠨᠢᠭᠡ ᠨᠠᠰᠤᠲᠤ ᠡᠪᠡᠰᠦᠯᠢᠭ ᠤᠷᠭᠤᠮᠠᠯ᠃45 ~ 75cm ᠥᠨᠳᠥᠷ᠂ ᠨᠠᠪᠴᠢ ᠨᠢ ᠴᠤᠪᠤᠷᠠᠨ ᠤᠷᠭᠤᠨ᠎ᠠ᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂5 ~ 9.5cm ᠤᠷᠲᠤ᠂1.5 ~ 2cm ᠥᠷᠭᠡᠨ᠂ ᠪᠦᠲᠦᠨ ᠬᠥᠪᠡᠭᠡ ᠲᠡᠢ᠂ ᠱᠣᠪᠲᠤᠭᠤᠷ ᠦᠵᠦᠭᠦᠷ ᠲᠡᠢ᠂ ᠱᠠᠭᠠᠨᠲᠠᠭ ᠤᠭ ᠲᠠᠢ ᠪᠥᠭᠡᠳ ᠨᠠᠪᠴᠢᠨ ᠪᠠᠷᠢᠭᠤᠯ ᠵᠦᠭ ᠲᠡᠭᠡᠨ ᠨᠠᠷᠢᠰᠤᠭᠰᠠᠨ ᠪᠠᠢᠳᠠᠭ᠂ ᠨᠠᠪᠴᠢᠨ ᠪᠠᠷᠢᠭᠤᠯ ᠨᠢ ᠤᠷᠲᠤ᠃1 ~ 3 ᠬᠦᠢᠰ ᠴᠠᠭᠠᠨ ᠥᠩᠭᠡᠲᠦ ᠴᠡᠴᠡᠭ ᠨᠠᠪᠴᠢᠨ ᠥᠪᠥᠷ ᠲᠤᠨᠢ ᠳᠡᠯᠭᠡᠷᠡᠨ᠎ᠡ᠃ ᠴᠡᠴᠡᠭ ᠦ᠋ᠨ ᠲᠣᠭᠳᠣᠢ ᠨᠢ ᠬᠤᠩᠬ᠎ᠠ ᠬᠡᠯᠪᠡᠷᠢ ᠲᠡᠢ᠂5 ᠰᠡᠵᠢᠭᠦᠷ ᠢᠯᠲᠠᠰᠤ ᠲᠠᠢ᠃ ᠴᠡᠴᠡᠭ ᠦ᠋ᠨ ᠳᠡᠯᠪᠢ ᠨᠢ ᠰᠠᠴᠤᠷᠠᠭᠯᠠᠨ ᠳᠡᠯᠭᠡᠷᠡᠨ᠎ᠡ᠂ ᠳ᠋ᠢᠶᠠᠮᠧᠲ᠋ᠷ ᠨᠢ9~15cm᠂5 ᠣᠨᠢ ᠲᠠᠢ᠂ ᠰᠡᠵᠢᠭᠦᠷ ᠢᠯᠲᠠᠰᠤ ᠨᠢ ᠤᠷᠲᠤ ᠵᠤᠤᠪᠠᠩ ᠬᠡᠯᠪᠡᠷᠢ ᠲᠡᠢ ᠠᠮᠠᠯᠠᠨ ᠪᠠᠢᠷᠢᠯᠠᠨ᠎ᠠ᠃ ᠴᠡᠴᠡᠭ ᠦ᠋ᠨ ᠳᠡᠯᠪᠢ ᠨᠢ ᠬᠣᠭᠣᠯᠠᠢ ᠠ᠋ᠴᠠ ᠪᠠᠨ ᠤᠷᠲᠤ᠃5 ᠡᠷ᠎ᠡ ᠲᠣᠭᠣᠷᠴᠣᠭ ᠲᠠᠢ᠂ ᠬᠠᠶᠠ6~7 ᠪᠠᠢᠳᠠᠭ ᠪᠥᠭᠡᠳ ᠴᠡᠴᠡᠭ ᠦ᠋ᠨ ᠳᠡᠯᠪᠢ ᠶ᠋ᠢᠨ ᠬᠣᠭᠣᠯᠠᠢ ᠶ᠋ᠢᠨ ᠤᠭ ᠤ᠋ᠨ ᠬᠡᠰᠡᠭ ᠣᠷᠴᠢᠮ ᠳ᠋ᠤ᠌ ᠤᠷᠭᠤᠨ᠎ᠠ᠃ ᠲᠣᠭᠣᠰᠣᠪᠴᠢ ᠨᠢ ᠤᠷᠲᠤᠯᠵᠢᠨ ᠲᠣᠭᠣᠷᠢᠭ᠂ ᠪᠣᠯᠪᠠᠰᠤᠷᠠᠪᠠᠯ ᠭᠤᠯᠳᠤ ᠪᠠᠷ ᠬᠠᠭᠠᠷᠠᠨ᠎ᠠ᠃ ᠤᠮᠠᠢ ᠨᠢ ᠳᠡᠭᠡᠳᠦ ᠣᠷᠣᠨ ᠲᠠᠢ᠂2 ᠲᠠᠰᠤᠭ ᠲᠠᠢ᠂ ᠬᠠᠶᠠ3 ᠲᠠᠰᠤᠭ ᠲᠠᠢ᠂ ᠴᠡᠴᠡᠭ ᠦ᠋ᠨ ᠪᠠᠭᠠᠨ᠎ᠠ ᠨᠢ ᠤᠲᠠᠰᠤᠯᠢᠭ᠃ ᠰᠢᠭᠦᠰᠦᠯᠢᠭ ᠵᠢᠮᠢᠰ ᠨᠢ ᠪᠣᠯᠪᠠᠰᠤᠷᠠᠪᠠᠯ ᠤᠯᠠᠢᠬᠤ ᠪᠤᠶᠤ ᠵᠦᠷᠵᠢᠨ ᠰᠢᠷ᠎ᠠ ᠥᠩᠭᠡ ᠲᠡᠢ ᠪᠣᠯᠳᠠᠭ᠃ ᠬᠡᠯᠪᠡᠷᠢ ᠳᠦᠷᠰᠦ ᠪᠣᠯᠤᠨ ᠶᠡᠬᠡ ᠪᠠᠭ᠎ᠠ ᠨᠢ ᠲᠠᠷᠢᠭᠰᠠᠨ ᠠ᠋ᠴᠠ ᠰᠡᠭᠦᠯᠡᠷ ᠬᠤᠪᠢᠷᠠᠯᠲᠠ ᠶᠡᠬᠡ᠂ ᠤᠷᠲᠤ ᠱᠣᠷᠣᠯᠵᠢᠨ᠂ ᠳ᠋ᠧᠩ ᠦ᠋ᠨ ᠪᠦᠷᠬᠦᠭᠦᠯ ᠵᠡᠷᠭᠡ ᠬᠡᠯᠪᠡᠷᠢ ᠲᠡᠢ᠃ ᠵᠢᠮᠢᠰ ᠦ᠋ᠨ ᠪᠠᠷᠢᠭᠤᠯ ᠨᠢ3.5cm ᠬᠦᠷᠳᠡᠭ᠃ ᠰᠢᠯᠤᠭᠤᠨ ᠪᠤᠶᠤ ᠤᠨᠵᠢᠢᠨ᠎ᠠ᠃ ᠦᠵᠦᠭᠦᠷ ᠲᠡᠭᠡᠨ ᠲᠣᠮᠣᠷᠠᠵᠤ ᠮᠥᠩᠬᠡ ᠣᠷᠣᠰᠢᠬᠤ ᠴᠡᠴᠡᠭ ᠦ᠋ᠨ ᠲᠣᠭᠳᠣᠢ ᠲᠠᠢ᠃ ᠣᠯᠠᠨ ᠦᠷ᠎ᠡ ᠲᠡᠢ ᠪᠥᠭᠡᠳ ᠦᠷ᠎ᠡ ᠨᠢ ᠬᠠᠪᠲᠠᠭᠠᠢ ᠲᠣᠭᠣᠷᠢᠭ ᠬᠡᠯᠪᠡᠷᠢ ᠲᠡᠢ᠃ ᠭᠦᠢᠬᠡᠨ ᠰᠢᠷ᠎ᠠ ᠥᠩᠭᠡ ᠲᠡᠢ᠃6 ~ 7 ᠳ᠋ᠤᠭᠠᠷ ᠰᠠᠷ᠎ᠠ ᠳ᠋ᠤ᠌ ᠴᠡᠴᠡᠭᠯᠡᠵᠦ᠂7 ~ 10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠮᠠᠨ ᠤ᠋ ᠤᠯᠤᠰ ᠤ᠋ᠨ ᠣᠯᠠᠩᠬᠢ ᠭᠠᠵᠠᠷ ᠲᠤ᠌ ᠪᠦᠷ ᠠᠷᠠᠴᠢᠯᠠᠨ ᠲᠠᠷᠢᠵᠤ ᠪᠠᠢᠨ᠎ᠠ᠃
   [ ᠲᠡᠭᠦᠵᠦ ᠪᠣᠯᠪᠠᠰᠤᠷᠠᠭᠤᠯᠬᠤ] 7 ~ 10 ᠳ᠋ᠤᠭᠠᠷ ᠰᠠᠷ᠎ᠠ ᠳ᠋ᠤ᠌ ᠪᠣᠯᠪᠠᠰᠤᠷᠠᠭᠰᠠᠨ ᠵᠢᠮᠢᠰ ᠢ᠋ ᠨᠢ ᠲᠡᠭᠦᠵᠦ᠂ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠂ ᠬᠠᠯᠠᠭᠤᠨ ᠴᠢᠨᠠᠷ ᠲᠠᠢ᠂ ᠬᠥᠩᠭᠡᠨ᠂ ᠰᠢᠷᠦᠭᠦᠨ᠂ ᠬᠠᠭᠤᠷᠠᠢ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠢᠯᠴᠢ ᠶ᠋ᠢ ᠰᠡᠯᠪᠢᠬᠦ᠂ ᠬᠠᠪᠤᠩ ᠢ᠋ ᠠᠷᠢᠯᠭᠠᠬᠤ᠂ ᠴᠢᠭᠢᠬ᠎ᠠ ᠶ᠋ᠢ ᠨᠣᠮᠣᠬᠠᠳᠬᠠᠬᠤ᠂ ᠬᠣᠷᠣᠬᠠᠢ ᠶ᠋ᠢ ᠨᠢᠲᠤᠯᠬᠤ᠂ ᠪᠡᠲᠡᠭᠢ ᠶ᠋ᠢ ᠡᠪᠳᠡᠬᠦ ᠴᠢᠳᠠᠯ ᠲᠠᠢ᠃ ᠭᠣᠣᠯᠳᠠᠭᠤ ᠬᠣᠳᠣᠭᠣᠳᠣᠨ ᠤ᠋ ᠭᠠᠯ ᠤ᠋ᠨ ᠢᠯᠴᠢ ᠮᠠᠭᠤᠳᠠᠭᠰᠠᠨ᠂ ᠰᠤᠪᠠᠭ ᠬᠠᠪᠤᠩ᠂ ᠬᠣᠰᠬᠢᠨᠠᠭ ᠤ᠋ᠨ ᠭᠦᠪᠳᠦᠷᠦᠦ᠂ ᠴᠢᠭᠢᠬ᠎ᠠ᠂ ᠤᠶᠠᠮᠠᠨ᠂ ᠠᠶᠤᠤᠯᠢᠬᠠᠢ ᠶ᠋ᠢᠨ ᠪᠡᠲᠡᠭᠢ᠂ ᠡᠰᠡ ᠰᠢᠩᠭᠡᠭᠰᠡᠨ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 辣椒
   ᠠᠩᠭ᠌ᠯᠢ ᠨᠡᠷ᠎ᠡ᠄ Capsicum annum L.

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠣᠶᠤᠨᠴᠢᠮᠡᠭ