ᠡᠷᠳᠡᠨᠢ ᠨᠣᠶᠠᠨ ᠬᠤᠲᠤᠭᠲᠤ ᠶ᠋ᠢᠨ ᠰᠤᠷᠭᠠᠯ ᠰᠢᠯᠦᠭ-ᠴᠢᠷᠢᠨᠵᠢᠳЭрдэн ноён хутагтын сургаал шүлэг-Чрнзид
ᠡᠷᠳᠡᠨᠢ ᠨᠣᠶᠠᠨ ᠬᠤᠲᠤᠭᠲᠤ ᠶ᠋ᠢᠨ ᠰᠤᠷᠭᠠᠯ ᠰᠢᠯᠦᠭ
ᠤᠶᠠᠩᠭᠠᠯᠠᠭᠴᠢ᠄ ᠴᠢᠷᠢᠨᠵᠢᠳ ᠴᠢᠷᠢᠨ
ᠣᠮ ᠰᠠᠢᠨ ᠠᠮᠤᠭᠤᠯᠠᠩ ᠪᠣᠯᠲᠤᠭᠠᠢ!
ᠤᠷᠭᠤᠵᠤ ᠭᠠᠷᠬᠤ ᠨᠠᠷᠠ ᠶ᠋ᠢ
ᠭᠠᠷ ᠲᠤ᠌ ᠪᠠᠨ ᠪᠠᠷᠢᠵᠤ ᠪᠣᠯᠬᠤ ᠦᠭᠡᠢ
ᠤᠷᠢᠳᠤ ᠶ᠋ᠢᠨ ᠬᠢᠭᠰᠡᠨ ᠨᠢᠭᠦᠯ ᠢ᠋
ᠪᠡᠶ᠎ᠡ ᠪᠡᠷ ᠲᠡᠪᠴᠢᠬᠦ ᠦᠭᠡᠢ ᠴᠢᠳᠠᠬᠤ ᠦᠭᠡᠢ
ᠱᠠᠲᠤ ᠶ᠋ᠢ ᠥᠨᠳᠥᠷ ᠪᠠᠢᠭᠤᠯᠪᠠᠴᠤ
ᠰᠠᠨᠰᠠᠷ ᠢ᠋ ᠳᠠᠪᠠᠵᠤ ᠳᠡᠢᠯᠬᠦ ᠦᠭᠡᠢ
ᠰᠢᠮᠳᠠᠭᠠᠳ ᠮᠡᠬᠡ ᠶ᠋ᠢ ᠰᠤᠷᠪᠠᠴᠤ
ᠡᠷᠯᠢᠭ ᠢ᠋ ᠬᠠᠭᠤᠷᠴᠤ ᠴᠢᠳᠠᠬᠤ ᠦᠭᠡᠢ
ᠪᠠᠶᠠᠨ ᠪᠠᠶᠠᠨ ᠭᠡᠪᠡᠴᠦ
ᠪᠠᠷᠠᠭᠳᠠᠭᠠᠳ ᠢᠷᠡᠬᠦ ᠨᠢ ᠲᠦᠷᠭᠡᠨ
ᠪᠠᠨᠳᠢᠳᠠ ᠳᠣᠮᠪᠣ ᠶ᠋ᠢᠨ ᠷᠠᠰᠢᠶᠠᠨ
ᠰᠢᠷᠭᠢᠰᠢ ᠦᠭᠡᠢ ᠰᠢᠮᠡᠭᠦᠷ ᠲᠡᠢ
ᠨᠣᠶᠠᠨ ᠨᠣᠶᠠᠨ ᠭᠡᠪᠡᠴᠦ
ᠨᠤᠲᠤᠭ ᠵᠠᠭᠤᠷ᠎ᠠ ᠪᠠᠨ ᠬᠦᠨᠳᠦᠲᠡᠢ
ᠨᠣᠮ ᠲᠠᠢ ᠯᠠᠮᠠ ᠶ᠋ᠢᠨ ᠱᠠᠪᠢ ᠨᠠᠷ
ᠭᠠᠵᠠᠷ ᠪᠣᠯᠭᠠᠨ ᠳ᠋ᠤ᠌ ᠬᠦᠨᠳᠦᠲᠡᠢ
ᠬᠠᠲᠠᠴᠢᠬᠠᠭᠰᠠᠨ ᠲᠣᠭᠣᠷᠢᠮ ᠠ᠋ᠴᠠ
ᠰᠢᠪᠠᠭᠤ ᠪᠣᠯᠭᠠᠨ ᠵᠠᠢᠯᠠᠨ᠎ᠠ
ᠬᠠᠲᠠᠭᠤ ᠬᠠᠷᠭᠢᠰ ᠬᠥᠮᠦᠨ ᠡᠴᠡ
ᠬᠥᠮᠦᠨ ᠪᠦᠬᠦᠨ ᠵᠠᠢᠯᠠᠨ᠎ᠠ
ᠰᠠᠢᠨ ᠭᠡᠰᠡᠨ ᠮᠣᠷᠢᠨ ᠳ᠋ᠤ᠌ ᠨᠢ
ᠰᠠᠷ᠎ᠠ ᠶ᠋ᠢᠨ ᠠᠶᠠᠨ ᠬᠡᠳᠦᠢ ᠪᠣᠢ
ᠰᠠᠨᠸᠠᠷ ᠢ᠋ᠶ᠋ᠠᠨ ᠰᠠᠬᠢᠭᠰᠠᠨ ᠭᠡᠯᠦᠩ ᠳ᠋ᠦ᠍ ᠨᠢ
ᠰᠠᠨᠰᠠᠷ ᠤ᠋ᠨ ᠦᠵᠦᠭᠦᠷ ᠬᠡᠳᠦᠢ ᠪᠣᠢ
ᠡᠳ᠋ ᠮᠥᠩᠭᠥ ᠪᠡᠷ ᠪᠠᠶᠠᠨ ᠪᠣᠯᠪᠠᠴᠤ
ᠡᠨᠡ ᠠᠮᠢ ᠶ᠋ᠢ ᠰᠣᠯᠢᠨ ᠰᠠᠭᠤᠵᠤ ᠪᠣᠯᠳᠠᠭ ᠦᠭᠡᠢ
ᠡᠷᠳᠡᠮ ᠨᠣᠮ ᠢ᠋ᠶ᠋ᠠᠷ ᠪᠠᠶᠠᠨ ᠪᠣᠯᠪᠠᠴᠤ
ᠡᠴᠦᠰ ᠦ᠋ᠨ ᠭᠠᠯᠪᠠ ᠶ᠋ᠢ ᠰᠣᠯᠢᠨ ᠰᠠᠭᠤᠵᠤ ᠪᠣᠯᠳᠠᠭ ᠦᠭᠡᠢ
ᠦᠶᠡᠷ ᠦ᠋ᠨ ᠤᠰᠤ ᠢᠷᠡᠵᠦ ᠭᠡᠮ
ᠡᠭᠦᠳᠡᠨ ᠭᠡᠮᠡᠨ ᠬᠣᠢᠮᠣᠷ ᠤᠤ?
ᠦᠬᠦᠯ ᠦ᠋ᠨ ᠡᠵᠡᠨ ᠢᠷᠡᠵᠦ ᠭᠡᠮ
ᠡᠪᠦᠭᠡᠨ ᠭᠡᠮᠡᠨ ᠵᠠᠯᠠᠭᠤ ᠤᠤ?
ᠠᠮᠢᠳᠤ ᠶᠠᠪᠤᠭ᠎ᠠ ᠬᠥᠮᠦᠨ ᠨᠢ
ᠠᠯᠲᠠᠨ ᠮᠥᠩᠭᠥᠨ ᠴᠢᠮᠡᠭ ᠲᠡᠢ
ᠠᠮᠢ ᠨᠢ ᠲᠤᠯᠤᠭᠠᠳ ᠢᠷᠡᠪᠡᠯ
ᠲᠡᠷᠡ ᠶᠠᠭᠤᠨ ᠤ᠋ ᠬᠡᠷᠡᠭ ᠪᠣᠢ
ᠭᠡᠮ ᠪᠡᠶ᠎ᠡ ᠪᠡᠨ ᠲᠡᠪᠴᠢᠬᠦ ᠦᠭᠡᠢ
ᠭᠡᠯᠦᠩ ᠭᠡᠰᠦᠯ ᠳ᠋ᠦ᠍ ᠳᠤᠷᠠᠯᠠᠨ᠎ᠠ ᠤᠤ?
ᠭᠡᠭᠡᠨ ᠤᠬᠠᠭᠠᠨ ᠤ᠋ ᠲᠣᠯᠢᠨ ᠳ᠋ᠤ᠌
ᠭᠡᠮ ᠪᠦᠬᠦᠨ ᠴᠢᠨᠢ ᠢᠯᠡᠬᠡᠨ
ᠴᠣᠬᠣᠮ ᠨᠡᠷ᠎ᠡ ᠶ᠋ᠢ ᠰᠣᠨᠣᠰᠤᠭ᠎ᠠ ᠦᠭᠡᠢ ᠪᠡᠷ
ᠴᠣᠷᠵᠢ ᠭᠦᠦᠰᠢ ᠳ᠋ᠦ᠍ ᠳᠤᠷᠠᠯᠠᠨ᠎ᠠ ᠤᠤ?
ᠴᠣᠬᠣᠷ ᠴᠠᠭᠠᠰᠤ ᠰᠡᠬᠦᠭᠰᠡᠨ ᠦᠭᠡᠢ ᠪᠣᠯ
ᠴᠢᠨᠠᠷ ᠦᠭᠡᠢ ᠬᠣᠭᠣᠰᠣᠨ!
ᠦᠵᠦᠮ ᠰᠠᠮᠪᠤᠤ ᠴᠡᠴᠡᠭ ᠭᠡᠳᠡᠭ
ᠥᠭᠡᠯᠡᠢ ᠠ᠋ᠴᠠ ᠪᠠᠨ ᠦᠵᠡᠮᠵᠢ
ᠡᠪᠳᠡᠷᠡᠴᠢᠬᠡᠭᠰᠡᠨ ᠰᠠᠨᠸᠠᠷ ᠤ᠋ᠳ
ᠨᠠᠮ᠎ᠠ ᠶ᠋ᠢ ᠱᠣᠣᠯᠠᠭᠠᠳ ᠶᠠᠭᠠᠬᠢᠨ᠎ᠠ ᠳᠠ
ᠠᠰᠬ᠎ᠠ ᠨᠢᠰᠭᠡ ᠬᠠᠳᠠᠨ ᠳ᠋ᠤ᠌ ᠨᠢ
ᠲᠠᠬᠢᠶ᠎ᠠ ᠮᠣᠭᠠᠢ ᠶᠠᠭᠠᠬᠢᠨ᠎ᠠ ᠳᠠ
ᠲᠠᠨ ᠤ᠋ ᠵᠡᠷᠭᠡ ᠶ᠋ᠢᠨ ᠮᠤᠩᠬᠠᠭ ᠨᠢ
ᠨᠠᠮ᠎ᠠ ᠶ᠋ᠢ ᠱᠣᠣᠯᠠᠭᠠᠳ ᠶᠠᠭᠠᠬᠢᠨ᠎ᠠ ᠳᠠ
ᠬᠥᠬᠡᠷᠡᠭᠴᠢ ᠮᠥᠩᠭᠥᠨ ᠲᠩᠷᠢ ᠭᠡᠵᠦ
ᠡᠪᠦᠯ ᠵᠤᠨ ᠦᠭᠡᠢ ᠨᠠᠷᠠᠨ ᠰᠠᠷᠠᠨ ᠴᠢᠮᠡᠭ ᠲᠡᠢ
ᠨᠠᠰᠤᠨ ᠤ᠋ ᠪᠠᠭ᠎ᠠ ᠠ᠋ᠴᠠ ᠬᠣᠯᠪᠣᠭᠳᠠᠭᠰᠠᠨ
ᠨᠠᠢ᠍ᠮᠠᠨ ᠲᠦᠮᠡ ᠳᠥᠷᠪᠡᠨ ᠮᠢᠩᠭᠠᠨ ᠨᠢᠰᠸᠠᠨᠢᠰ ᠵᠠᠩᠴᠢᠭ ᠪᠣᠢ
ᠢᠳᠡᠭᠡᠨ ᠤᠮᠳᠠᠭᠠᠨ ᠬᠣᠶᠠᠷ ᠪᠣᠯ
ᠢᠵᠢᠯᠢ ᠶᠦ᠍ᠭᠡᠨ ᠳᠠᠭᠠᠨ᠎ᠠ
ᠡᠨᠡ ᠰᠢᠯᠦᠭ ᠮᠠᠨᠢ᠂ ᠡᠷᠳᠡᠨᠢ ᠶ᠋ᠢᠨ ᠰᠢᠯᠦᠭ ᠮᠠᠨᠢ
ᠡᠷᠳᠡᠨᠢ ᠶ᠋ᠢᠨ ᠨᠣᠶᠠᠨ ᠬᠤᠲᠤᠭᠲᠤ ᠶ᠋ᠢᠨ ᠠᠷᠪᠢᠨ ᠰᠢᠯᠦᠭ ᠮᠠᠨᠢ᠃
ᠠᠯᠢᠶ᠎ᠠ ᠬᠥᠮᠦᠨ ᠰᠣᠨᠣᠰᠪᠠᠯ
ᠠᠮᠠᠨ ᠵᠤᠭ᠎ᠠ ᠪᠣᠯᠭ᠎ᠠ!
ᠠᠷᠢᠬᠢᠴᠢ ᠬᠥᠮᠦᠨ ᠰᠣᠨᠣᠰᠪᠠᠯ
ᠬᠤᠨᠳᠠᠭᠠᠨ ᠵᠤᠭ᠎ᠠ ᠪᠣᠯᠭ᠎ᠠ!
ᠦᠭᠡᠢᠭᠦᠦ ᠬᠥᠮᠦᠨ ᠰᠣᠨᠣᠰᠪᠠᠯ
ᠣᠯᠬᠤ ᠶ᠋ᠢᠨ ᠮᠥᠷ ᠢ᠋ ᠣᠯᠤᠭ!
ᠦᠬᠦᠭᠰᠡᠨ ᠬᠥᠮᠦᠨ ᠰᠣᠨᠣᠰᠪᠠᠯ
ᠪᠤᠴᠠᠬᠤ ᠶ᠋ᠢᠨ ᠮᠥᠷ ᠢ᠋ ᠣᠯᠤᠭ!
ᠦᠰᠦᠭ ᠠᠮᠢᠯᠠᠭᠤᠯᠤᠭᠴᠢ᠄ ᠠᠯᠲᠠᠨᠴᠡᠴᠡᠭ
ᠦᠰᠦᠭ ᠬᠠᠲᠠᠭᠴᠢ᠄ ᠠᠯᠲᠠᠨᠴᠡᠴᠡᠭ
ᠮᠠᠲ᠋ᠧᠷᠢᠶᠠᠯ ᠬᠠᠩᠭᠠᠭᠴᠢ᠄ ᠲᠩᠷᠢ ᠡᠵᠢ
ᠬᠢᠨᠠᠭᠴᠢ᠄ ᠣᠳᠬᠠᠨᠰᠣ᠎ᠠ
