ᠬᠠᠶᠠᠭᠳᠠᠭᠰᠠᠨ ᠬᠠᠢᠷ᠎ᠠ ᠶ᠋ᠢᠨ ᠰᠢᠪᠡᠨᠡᠭᠡ -ᠪᠠᠶᠠᠨ᠌ᠠᠡᠭᠤᠯᠠХаягдсан хайрын шивнээ- Баян-уул
ᠬᠠᠶᠠᠭᠳᠠᠭᠰᠠᠨ ᠬᠠᠢᠷ᠎ᠠ ᠶ᠋ᠢᠨ ᠰᠢᠪᠡᠨᠡᠭᠡ
ᠵᠣᠬᠢᠶᠠᠭᠴᠢ᠄ ᠪᠠᠶᠠᠨ᠌ᠠᠡᠭᠤᠯᠠ
ᠤᠶᠠᠩᠭᠠᠯᠠᠭᠴᠢ᠄ ᠣᠳᠬᠣᠩᠬᠤᠸᠠᠷ
ᠵᠢᠷᠤᠭ ᠤᠷᠠᠯᠠᠭᠴᠢ᠄ ᠬᠣᠨᠢᠴᠢᠨ ᠪᠦᠰᠡᠭᠦᠢ
ᠬᠠᠢᠷᠠᠲᠠᠢ ᠭᠡᠳᠡᠭ ᠠᠮᠠᠯᠠᠯᠲᠠ ᠴᠢᠨᠢ
ᠬᠠᠪᠤᠷ ᠤ᠋ᠨ ᠴᠠᠰᠤᠨ ᠰᠢᠭ᠋ ᠬᠠᠢᠯᠤᠭᠠ ᠤᠤ
ᠬᠠᠢᠯ ᠤ᠋ᠨ ᠤᠰᠤ ᠬᠣᠷᠴᠢᠭᠢᠨᠠᠬᠤ ᠨᠢ
ᠬᠠᠨ ᠬᠣᠷᠸ᠎ᠠ ᠶ᠋ᠢᠨ ᠤᠶᠠᠷᠠᠭ᠎ᠠ ᠤᠤ
ᠳᠤᠷᠠᠲᠠᠢ ᠬᠠᠢᠷᠠᠲᠠᠢ ᠭᠡᠳᠡᠭ ᠴᠢᠨᠢ
ᠳᠤᠷᠠᠰᠬᠠᠯ ᠤ᠋ᠨ ᠬᠡᠳᠦᠨ ᠦᠭᠡ ᠦᠦ?
ᠳᠤᠷᠠᠯᠠᠯ ᠤ᠋ᠨ ᠰᠢᠯᠦᠭ ᠪᠢᠴᠢᠬᠦ ᠳ᠋ᠦ᠍
ᠳᠤᠰᠤᠯ ᠨᠢᠯᠪᠤᠰᠤ ᠮᠢᠨᠢ ᠪᠥᠮᠪᠥᠷᠢᠭᠡ ᠦᠦ?
ᠥᠭᠡᠳᠡ ᠲᠡᠢ ᠤᠷᠤᠭᠤ ᠲᠠᠢ ᠪᠠᠢᠳᠠᠭ ᠨᠢ
ᠬᠥᠮᠦᠨ ᠦ᠌ ᠠᠮᠢᠳᠤᠷᠠᠯ ᠤ᠋ᠨ ᠵᠢᠮ᠎ᠡ ᠪᠢᠰᠢ ᠦᠦ?
ᠥᠷᠭᠡᠨ ᠲᠡᠢ ᠨᠠᠷᠢᠨ ᠲᠠᠢ ᠪᠠᠢᠳᠠᠭ ᠨᠢ
ᠬᠥᠷᠥᠰᠥᠲᠦ ᠳᠡᠯᠡᠬᠡᠢ ᠶ᠋ᠢᠨ ᠵᠠᠮ ᠪᠢᠰᠢ ᠦᠦ?
ᠬᠠᠪᠢᠷᠭᠠᠨ ᠰᠠᠷ᠎ᠠ ᠶ᠋ᠢ ᠰᠢᠷᠲᠡᠩᠭᠡᠨ ᠵᠣᠭᠰᠣᠬᠤ ᠳ᠋ᠤ᠌
ᠬᠠᠭᠠᠰ ᠬᠡᠰᠡᠭ ᠨᠢ ᠡᠵᠡᠭᠦᠢᠷᠡᠭᠡᠳ
ᠬᠠᠢᠷᠠᠲᠤ ᠮᠢᠨᠢ ᠴᠢ ᠢᠷᠡᠭᠡᠴᠢ ᠭᠡᠵᠦ
ᠬᠠᠨ ᠳᠡᠯᠡᠬᠡᠢ ᠳ᠋ᠦ᠍ ᠬᠠᠩᠭᠢᠨᠠᠭᠤᠯᠤᠮᠠᠷ
ᠬᠠᠮᠲᠤ ᠪᠠᠢᠭᠰᠠᠨ ᠡᠳᠦᠷ ᠦ᠋ᠳ
ᠬᠠᠳᠠᠨ ᠣᠢ ᠶ᠋ᠢᠨ ᠵᠤᠭᠠᠴᠠᠯ ᠭᠡᠳ
ᠬᠠᠮᠤᠭ ᠪᠦᠬᠦᠨ ᠡᠷᠢᠭᠳᠡᠬᠦ ᠪᠡᠷ ᠨᠢ
ᠬᠠᠢᠷ᠎ᠠ ᠶ᠋ᠢᠨ ᠨᠢᠯᠪᠤᠰᠤ ᠲᠣᠰᠣᠯᠠᠩᠬᠠᠨ
ᠥᠭᠡᠳᠡ ᠲᠡᠢ ᠤᠷᠤᠭᠤ ᠲᠠᠢ ᠪᠠᠢᠳᠠᠭ ᠨᠢ
ᠬᠥᠮᠦᠨ ᠦ᠌ ᠠᠮᠢᠳᠤᠷᠠᠯ ᠤ᠋ᠨ ᠵᠢᠮ᠎ᠡ ᠪᠢᠰᠢ ᠦᠦ!
ᠥᠷᠭᠡᠨ ᠲᠡᠢ ᠨᠠᠷᠢᠨ ᠲᠠᠢ ᠪᠠᠢᠳᠠᠭ ᠨᠢ
ᠬᠥᠷᠥᠰᠥᠲᠦ ᠳᠡᠯᠡᠬᠡᠢ ᠶ᠋ᠢᠨ ᠵᠠᠮ ᠪᠢᠰᠢ ᠦᠦ!
ᠢᠨᠠᠭ ᠤ᠋ᠨ ᠡᠨᠡ ᠰᠢᠯᠦᠭ
ᠭᠤᠨᠢᠭ ᠤ᠋ᠨ ᠨᠢᠭᠡᠨ ᠪᠠᠳᠠᠭ ᠢ᠋
ᠬᠠᠪᠤᠷ ᠤ᠋ᠨ ᠨᠠᠷᠠᠨ ᠳ᠋ᠤ᠌ ᠰᠠᠭᠤᠵᠤ ᠪᠢᠴᠢᠯ᠎ᠡ
ᠬᠠᠴᠠᠷ ᠤ᠋ᠨ ᠨᠢᠯᠪᠤᠰᠤ ᠪᠠᠨ ᠠᠷᠴᠢᠵᠤ ᠪᠢᠴᠢᠯ᠎ᠡ᠂
ᠤᠷᠢᠬᠠᠨ ᠰᠠᠯᠬᠢ ᠪᠠᠷ ᠢᠯᠪᠢᠭᠦᠯᠵᠦ ᠪᠢᠴᠢᠯ᠎ᠡ
ᠤᠶᠠᠬᠠᠨ ᠴᠢᠮ᠎ᠠ ᠳ᠋ᠤ᠌ ᠪᠠᠨ ᠵᠣᠷᠢᠭᠤᠯᠵᠤ ᠪᠢᠴᠢᠯ᠎ᠡ᠃
ᠦᠰᠦᠭ ᠬᠠᠲᠠᠭᠴᠢ᠄ ᠬᠣᠨᠢᠴᠢᠨ ᠪᠦᠰᠡᠭᠦᠢ
ᠬᠢᠨᠠᠭᠴᠢ᠄ ᠣᠳᠬᠠᠨᠰᠣ᠎ᠠ
