ᠯᠠᠩᠭᠤᠸᠠ ᠶ᠋ᠢᠨ ᠦᠷ᠎ᠡ Лангуан үр Languan ür ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠠᠩᠭᠤᠸᠠ ᠶ᠋ᠢᠨ ᠦᠷ᠎ᠡ Лангуан үр Languan ür

ᠯᠠᠩᠭᠤᠸᠠ ᠶ᠋ᠢᠨ ᠦᠷ᠎ᠡ Лангуан үр Languan ür

2025-04-30

186

ᠯᠠᠩᠭᠤᠸᠠ ᠶ᠋ᠢᠨ ᠦᠷ᠎ᠡ

   ᠲᠤᠰ ᠡᠮ ᠪᠣᠯ ᠬᠤᠯᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠯᠠᠩᠭᠤᠸᠠ ᠶ᠋ᠢᠨ ᠬᠠᠲᠠᠭᠠᠭᠰᠠᠨ ᠪᠣᠯᠪᠠᠰᠤᠷᠠᠮᠠᠯ ᠦᠷ᠎ᠡ ᠮᠥᠨ᠃
   [ ᠤᠤᠯ ᠤᠷᠭᠤᠮᠠᠯ] ᠨᠢᠭᠡ ᠨᠠᠰᠤᠲᠤ ᠵᠡᠯᠡᠯᠡᠵᠦ ᠤᠷᠭᠤᠬᠤ ᠡᠪᠡᠰᠦᠯᠢᠭ ᠤᠷᠭᠤᠮᠠᠯ᠃ ᠤᠷᠭᠤᠮᠠᠯ ᠤ᠋ᠨ ᠪᠡᠶ᠎ᠡ ᠳᠡᠭᠡᠷ᠎ᠡ ᠱᠣᠪᠣᠭᠣᠷ ᠬᠠᠭᠠᠰ ᠲᠤᠩᠭᠠᠯᠠᠭ ᠬᠠᠲᠠᠭᠤ ᠦᠰᠦ ᠲᠡᠢ᠂ ᠣᠷᠢᠶᠠᠩᠭᠤ ᠨᠢ3~4 ᠰᠠᠯᠠᠭ᠎ᠠ ᠲᠠᠢ᠃ ᠵᠢᠷᠦᠬᠡᠨ ᠬᠡᠯᠪᠡᠷᠢᠲᠦ ᠨᠠᠪᠴᠢ ᠲᠠᠢ᠂5 ᠥᠨᠴᠥᠭ ᠲᠡᠢ᠂15~30cm ᠤᠷᠲᠤ᠂ ᠬᠥᠪᠡᠭᠡ ᠪᠠ ᠨᠠᠪᠴᠢᠨ ᠰᠤᠳᠠᠯ ᠳᠡᠭᠡᠷ᠎ᠡ ᠨᠢ ᠶᠡᠷᠦ ᠳ᠋ᠡᠭᠡᠨ ᠴᠠᠭᠠᠨ ᠲᠣᠯᠪᠣ ᠲᠠᠢ᠂ ᠵᠠᠮᠪᠠᠷᠠᠭ᠎ᠠ ᠦᠭᠡᠢ ᠱᠣᠪᠬᠣ ᠰᠢᠳᠦᠨ ᠬᠥᠪᠡᠭᠡ ᠲᠡᠢ᠃ ᠨᠠᠪᠴᠢᠨ ᠪᠠᠷᠢᠭᠤᠯ ᠨᠢ ᠲᠣᠮᠣ᠂ ᠤᠷᠲᠤ᠃ ᠴᠡᠴᠡᠭ ᠨᠢ ᠨᠢᠭᠡ ᠬᠡᠷᠲᠡᠢ᠂ ᠨᠠᠪᠴᠢᠨ ᠥᠪᠥᠷ ᠲᠦ᠍ ᠳᠡᠯᠭᠡᠷᠡᠨ᠎ᠡ᠃ ᠡᠷ᠎ᠡ ᠴᠡᠴᠡᠭ ᠦ᠋ᠨ ᠲᠣᠭᠳᠣᠢ ᠨᠢ5 ᠣᠨᠢ ᠲᠠᠢ᠂ ᠰᠡᠵᠢᠭᠦᠷ ᠢᠯᠲᠠᠰᠤ ᠨᠢ ᠪᠦᠰᠡᠯᠢᠭ ᠬᠡᠯᠪᠡᠷᠢ ᠲᠡᠢ᠂ ᠳᠡᠭᠡᠷ᠎ᠡ ᠬᠡᠰᠡᠭ ᠨᠢ ᠥᠷᠭᠡᠵᠢᠭᠡᠳ ᠨᠠᠪᠴᠢᠯᠢᠭ ᠪᠣᠯᠳᠠᠭ᠃5 ᠡᠷ᠎ᠡ ᠲᠣᠭᠣᠷᠴᠣᠭ ᠲᠠᠢ᠂ ᠨᠡᠢᠯᠡᠮᠡᠯ ᠲᠣᠭᠣᠰᠣᠪᠴᠢ ᠲᠠᠢ᠂ ᠵᠦᠷᠵᠢᠨ ᠤᠯᠠᠭᠠᠨ ᠥᠩᠭᠡ ᠲᠡᠢ᠂ ᠲᠣᠭᠣᠰᠣᠪᠴᠢ ᠶ᠋ᠢᠨ ᠲᠠᠰᠤᠭ ᠨᠢs ᠬᠡᠯᠪᠡᠷᠢ ᠲᠡᠢ᠂ ᠡᠮ᠎ᠡ ᠴᠡᠴᠡᠭ ᠨᠢ5 ᠲᠣᠭᠳᠣᠢ ᠢᠯᠲᠠᠰᠤ ᠲᠠᠢ᠂ ᠰᠡᠵᠢᠭᠦᠷ ᠢᠯᠲᠠᠰᠤ ᠨᠢ ᠨᠠᠪᠴᠢᠯᠢᠭ ᠰᠢᠭ᠋᠃ ᠳᠣᠣᠷᠠᠲᠤ ᠣᠷᠣᠨᠲᠤ ᠤᠮᠠᠢ ᠲᠠᠢ᠂ ᠨᠢᠭᠡ ᠲᠠᠰᠤᠭ ᠲᠠᠢ᠂ ᠴᠡᠴᠡᠭ ᠦ᠋ᠨ ᠪᠠᠭᠠᠨ᠎ᠠ ᠨᠢ ᠣᠬᠣᠷ᠂ ᠪᠠᠭᠠᠨ᠎ᠠ ᠶ᠋ᠢᠨ ᠠᠮᠠᠰᠠᠷ ᠨᠢ3᠃ ᠬᠤᠯᠤᠨ ᠵᠢᠮᠢᠰ ᠨᠢ ᠬᠠᠪᠲᠠᠭᠠᠢ ᠪᠦᠮᠪᠤᠭᠡᠯᠵᠢᠨ᠂ ᠪᠥᠭᠡᠷᠡᠩᠬᠡᠢ ᠪᠠᠭᠠᠨ᠎ᠠ ᠪᠤᠶᠤ ᠬᠤᠯᠤ ᠬᠡᠯᠪᠡᠷᠢ ᠲᠡᠢ᠂ ᠪᠣᠯᠪᠠᠰᠤᠷᠠᠪᠠᠯ ᠰᠢᠷ᠎ᠠ ᠥᠩᠭᠡ ᠲᠡᠢ᠂ ᠵᠢᠭᠠᠬᠠᠨ ᠤᠯᠠᠪᠢᠷ ᠪᠤᠶᠤ ᠨᠣᠭᠣᠪᠲᠤᠷ ᠲᠤᠶᠠᠭ᠎ᠠ ᠲᠠᠢ᠂ ᠭᠠᠳᠠᠷ ᠨᠢ ᠭᠤᠯᠳᠤ ᠬᠣᠪᠢᠯ ᠪᠠ ᠭᠦᠷᠪᠡᠭᠡᠷ ᠲᠡᠢ ᠪᠥᠭᠡᠳ ᠮᠥᠯᠢᠬᠡᠷ᠃ ᠵᠢᠮᠢᠰ ᠦ᠋ᠨ ᠪᠠᠷᠢᠭᠤᠯ ᠳᠡᠭᠡᠷ᠎ᠡ ᠨᠢ5 ᠵᠤᠷᠪᠤᠰ ᠢᠷᠮᠡᠭᠲᠦ ᠬᠣᠪᠢᠯ ᠲᠠᠢ᠂ ᠵᠢᠮᠢᠰ ᠲᠡᠢ ᠪᠡᠨ ᠨᠡᠢᠯᠡᠭᠰᠡᠨ ᠬᠡᠰᠡᠭ ᠨᠢ ᠲᠣᠮᠣᠷᠠᠭᠰᠠᠨ ᠪᠠᠢᠳᠠᠭ᠃ ᠦᠷ᠎ᠡ ᠨᠢ ᠥᠨᠳᠡᠭᠡᠯᠵᠢᠨ ᠪᠤᠶᠤ ᠵᠤᠤᠪᠠᠩ ᠬᠡᠯᠪᠡᠷᠢ ᠲᠡᠢ᠂ ᠰᠢᠷᠠᠩᠭᠤᠢ ᠴᠠᠭᠠᠨ ᠥᠩᠭᠡ ᠲᠡᠢ᠃ ᠨᠢᠮᠭᠡᠨ ᠬᠥᠪᠡᠭᠡ ᠲᠡᠢ᠃5~7 ᠳ᠋ᠤᠭᠠᠷ ᠰᠠᠷ᠎ᠠ ᠳ᠋ᠤ᠌ ᠴᠡᠴᠡᠭᠯᠡᠵᠦ᠂7~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠮᠠᠨ ᠤ᠋ ᠤᠯᠤᠰ ᠤ᠋ᠨ ᠡᠯ᠎ᠡ ᠭᠠᠵᠠᠷ ᠲᠤ᠌ ᠨᠡᠢᠳᠡᠮ ᠠᠷᠠᠴᠢᠯᠠᠨ ᠲᠠᠷᠢᠵᠤ ᠪᠠᠢᠨ᠎ᠠ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠵᠢᠮᠢᠰ ᠨᠢ ᠪᠣᠯᠪᠠᠰᠤᠷᠠᠭᠰᠠᠨ ᠦᠶ᠎ᠡ ᠳ᠋ᠦ᠍ ᠲᠡᠭᠦᠵᠦ᠂ ᠦᠷ᠎ᠡ ᠶ᠋ᠢ ᠨᠢ ᠭᠠᠷᠭᠠᠵᠤ ᠤᠬᠢᠶᠠᠨ ᠴᠡᠪᠡᠷᠯᠡᠵᠦ᠂ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠃ ᠲᠡᠭᠰᠢ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠬᠣᠷᠣᠬᠠᠢ ᠶ᠋ᠢ ᠨᠢᠲᠤᠯᠬᠤ ᠴᠢᠳᠠᠯ ᠲᠠᠢ᠃ ᠭᠣᠣᠯᠳᠠᠭᠤ ᠬᠦᠵᠢ ᠬᠣᠷᠣᠬᠠᠢ᠂ ᠬᠢᠯᠭᠠᠰᠤᠨ ᠬᠣᠷᠣᠬᠠᠢ᠂ ᠬᠠᠪᠲᠠᠭᠠᠢ ᠴᠠᠭᠠᠨ ᠬᠣᠷᠣᠬᠠᠢ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄南瓜子(南瓜)
   ᠠᠩᠭ᠌ᠯᠢ ᠨᠡᠷ᠎ᠡ᠄Cucurbita moschata (Duch.) poiret

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠲᠤᠶᠠᠭ᠎ᠠ