ᠡᠷᠡᠭᠡᠯᠵᠡᠬᠦᠢ - ᠱ᠂ ᠭᠦᠷᠦᠪᠠᠽᠠᠷ Эргэлзэхүй - Ш᠂ Гүрбазар
ᠡᠷᠡᠭᠡᠯᠵᠡᠬᠦᠢ
ᠱ᠂ ᠭᠦᠷᠦᠪᠠᠽᠠᠷ
ᠬᠠᠪᠤᠷ ᠬᠠᠪᠤᠷ ᠤ᠋ᠨ ᠪᠣᠷᠣᠭ᠎ᠠ
ᠵᠤᠨ ᠳ᠋ᠠᠭᠠᠨ ᠨᠢᠭᠡ ᠯᠡ ᠵᠦᠰᠡᠷᠡᠯᠡ
ᠬᠠᠢᠷ᠎ᠠ ᠬᠠᠢᠷ᠎ᠠ ᠶ᠋ᠢᠨ ᠦᠨᠡᠨ
ᠨᠠᠳᠠ ᠳ᠋ᠤ᠌ ᠭᠠᠭᠴᠠ ᠯᠠ ᠤᠴᠠᠷᠠᠯ᠎ᠠ
ᠡᠭᠦᠯᠡ ᠡᠭᠦᠯᠡᠨ ᠦ᠌ ᠠᠭᠠᠰᠢ ᠨᠢ
ᠰᠠᠯᠬᠢ ᠪᠠᠨ ᠳᠠᠭᠠᠭᠠᠳ ᠬᠦᠪᠦᠷᠢᠳᠦᠯᠡ
ᠦᠨᠡᠨ ᠦᠨᠡᠨ ᠦ᠌ ᠥᠩᠭᠡ
ᠴᠠᠭ ᠢ᠋ᠶ᠋ᠠᠨ ᠳᠠᠭᠠᠭᠠᠳ ᠬᠤᠪᠢᠷᠠᠯ᠎ᠠ
ᠪᠣᠳᠣᠯ ᠪᠣᠳᠣᠯ ᠤ᠋ᠨ ᠥᠩᠭᠡ
ᠨᠠᠰᠤᠯᠠᠬᠤ ᠶ᠋ᠢ ᠳᠠᠭᠠᠭᠠᠳ ᠰᠣᠯᠢᠭᠳᠠᠯ᠎ᠠ
ᠪᠣᠷᠣᠭ᠎ᠠ ᠪᠣᠷᠣᠭᠠᠨ ᠤ᠋ ᠳᠤᠰᠤᠯ
ᠨᠠᠮᠤᠷ ᠤ᠋ᠨ ᠰᠠᠷ᠎ᠠ ᠳ᠋ᠠᠭᠠᠨ ᠳᠣᠭᠰᠢᠷᠠᠯᠠ
ᠣᠷᠣᠢ ᠰᠡᠭᠦᠳᠡᠷ ᠢ᠋ᠶ᠋ᠡᠨ ᠤᠷᠲᠤ ᠯᠠ ᠭᠡᠨ᠎ᠡ
ᠥᠷᠯᠥᠭᠡᠨ ᠨᠠᠷᠠᠨ ᠠ᠋ᠴᠠ ᠳᠠᠢᠵᠢᠨᠠ ᠳᠠ
ᠣᠳᠣ ᠯᠠ ᠨᠠᠮᠠᠶ᠋ᠢ ᠬᠠᠢᠷᠠᠯᠠᠬᠤ ᠦᠭᠡᠢ ᠪᠣᠯ
ᠦᠲᠡᠯᠦᠬᠦᠨᠡ ᠶᠠᠭᠠᠬᠢᠵᠤ ᠦᠨᠡᠮᠰᠢᠬᠦ ᠶᠦᠮ ᠪᠣᠢ
ᠴᠡᠴᠡᠭ ᠦ᠋ᠨ ᠰᠣᠭᠰᠣᠭᠠ ᠨᠢ ᠰᠡᠷᠢᠭᠦᠨ ᠭᠡᠳ
ᠨᠠᠮᠤᠷ ᠪᠣᠯᠬᠤ ᠪᠠᠷ ᠭᠠᠩᠳᠠᠨ᠎ᠠ ᠳᠠ
ᠰᠡᠮᠡᠷᠡᠵᠦ ᠯᠡ ᠶᠠᠪᠤᠭ᠎ᠠ ᠶ᠋ᠢ ᠮᠢᠨᠢ ᠠᠩᠵᠠᠭᠠᠷᠠᠭ᠎ᠠ ᠦᠭᠡᠢ ᠪᠣᠯ
ᠨᠠᠳᠠ ᠳ᠋ᠤ᠌ ᠡᠭᠡᠨᠡᠭᠰᠢᠬᠦ ᠴᠢᠨᠢ ᠬᠤᠳᠠᠯ ᠯᠠ ᠳᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
