ᠠᠬᠠᠮᠠᠳ ᠬᠥᠪᠡᠭᠦᠳ ᠦ᠋ᠨ ᠪᠠᠷᠠᠭᠤᠨᠰᠢ ᠠᠶᠠᠨ ᠲᠡᠢᠨ-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡАхмад хөвгүүдийн баруунш аян дайн
ᠶᠡᠬᠡ ᠮᠣᠩᠭᠣᠯ ᠤᠯᠤᠰ ᠤ᠋ᠨ ᠪᠠᠷᠠᠭᠤᠨᠰᠢ ᠬᠣᠶᠠᠳᠠᠬᠢ ᠠᠶᠠᠨ ᠲᠡᠢᠨ
ᠤᠤᠭᠠᠨ ᠬᠥᠪᠡᠭᠦᠳ ᠦ᠋ᠨ ᠪᠠᠷᠠᠭᠤᠨ ᠵᠦᠭ ᠦ᠋ᠨ ᠠᠶᠠᠨ (1235-1242) ᠨᠢ ᠶᠡᠬᠡ ᠮᠣᠩᠭᠣᠯ ᠤᠯᠤᠰ ᠤ᠋ᠨ ᠪᠠᠷᠠᠭᠤᠨᠰᠢ ᠬᠣᠶᠠᠳᠠᠬᠢ ᠠᠶᠠᠨ ᠪᠠᠢᠪᠠ᠃ ᠴᠢᠩᠭᠢᠰ ᠬᠠᠭᠠᠨ ᠤ᠋ ᠠᠴᠢ ᠪᠠᠲᠤ (ᠵᠥᠴᠢ ᠶ᠋ᠢᠨ ᠬᠣᠶᠠᠳᠤᠭᠠᠷ ᠬᠦᠦ) ᠠᠷᠮᠢ ᠶ᠋ᠢ ᠤᠳᠤᠷᠢᠳᠴᠤ ᠪᠠᠢᠵᠠᠢ᠃ ᠬᠥᠶᠦᠭ ( ᠥᠭᠡᠳᠡᠢ ᠬᠠᠭᠠᠨ ᠤ᠋ ᠤᠤᠭᠠᠨ ᠬᠦᠦ)᠂ ᠮᠥᠩᠬᠡ (ᠲᠤᠯᠤᠢ ᠶ᠋ᠢᠨ ᠤᠤᠭᠠᠨ ᠬᠦᠦ) ᠪᠣᠯᠤᠨ ᠪᠤᠰᠤᠳ ᠨᠣᠶᠠᠳ ᠠᠶᠠᠨ ᠲᠡᠢᠨ ᠳ᠋ᠦ᠍ ᠨᠢᠭᠡᠳᠪᠡ᠃ ᠣᠪᠣᠭ 10 ᠮᠢᠩᠭ᠎ᠠ ᠬᠦᠷᠬᠦ ᠦᠭᠡᠢ ᠡᠷᠦᠬᠡ ᠲᠡᠢ ᠴᠡᠷᠢᠭ ᠢ᠋ ᠤᠳᠤᠷᠢᠳᠴᠤ ᠪᠠᠢᠪᠠ᠃ ᠪᠦᠭᠦᠳᠡ ᠲᠣᠮᠣ ᠬᠦᠦ ᠪᠡᠨ ᠢᠯᠡᠭᠡᠭᠰᠡᠨ ᠲᠤᠯᠠ 《ᠪᠠᠷᠠᠭᠤᠨ ᠠᠶᠠᠨ ᠳ᠋ᠤ᠌ ᠭᠠᠷᠤᠭᠰᠠᠨ ᠤᠤᠭᠠᠨ ᠬᠥᠪᠡᠭᠦᠨ》 ᠪᠤᠶᠤ 《ᠪᠠᠷᠠᠭᠤᠨ ᠵᠦᠭ ᠦ᠋ᠨ ᠨᠣᠶᠠᠳ》 ᠭᠡᠵᠦ ᠨᠡᠷᠡᠯᠡᠳᠡᠭ ᠪᠠᠢᠵᠠᠢ᠃ ᠮᠣᠩᠭᠣᠯ ᠤ᠋ᠨ ᠴᠡᠷᠢᠭ ᠦ᠋ᠨ ᠵᠢᠩᠬᠢᠨᠢ ᠬᠦᠴᠦ ᠨᠢ ᠬᠠᠭᠤᠴᠢᠨ ᠴᠡᠷᠢᠭ ᠦ᠋ᠨ ᠵᠠᠬᠢᠷᠤᠭᠴᠢ ᠰᠦᠪᠡᠭᠡᠳᠡᠢ ᠶ᠋ᠢᠨ ᠭᠠᠷ ᠲᠤ᠌ ᠪᠠᠢᠵᠤ᠂ ᠮᠣᠩᠭᠣᠯ ᠴᠡᠷᠢᠭ ᠦ᠋ᠨ ᠹᠷᠣᠨᠲ ᠨᠢ ᠭᠣᠣᠯᠴᠢᠯᠠᠨ ᠧᠦ᠋ᠷᠣᠫᠠ᠂ ᠣᠷᠣᠰ ᠵᠡᠷᠭᠡ ᠭᠠᠵᠠᠷ ᠤ᠋ᠳ ᠢ᠋ ᠳᠣᠪᠲᠣᠯᠵᠠᠢ᠃
1235 ᠣᠨ ᠳ᠋ᠤ᠌ ᠥᠭᠡᠳᠡᠢ ᠬᠠᠭᠠᠨ ᠬᠤᠷᠠᠯ ᠢ᠋ ᠬᠤᠷᠠᠯᠳᠤᠭᠤᠯᠵᠤ᠂ ᠧᠦ᠋ᠷᠣᠫᠠ᠂ ᠣᠷᠣᠰ ᠪᠣᠯᠤᠨ ᠪᠤᠰᠤᠳ ᠤᠯᠤᠰ ᠢ᠋ ᠪᠠᠢᠯᠳᠤᠨ ᠳᠠᠭᠠᠭᠤᠯᠬᠤ ᠰᠢᠢᠳᠪᠦᠷᠢ ᠭᠠᠷᠭᠠᠵᠤ᠂ ᠣᠪᠣᠭ ᠲᠤᠰ ᠪᠦᠷᠢ ᠶ᠋ᠢ ᠤᠤᠭᠠᠨ ᠬᠦᠦ ᠶ᠋ᠢᠨ ᠬᠠᠮᠲᠤ ᠴᠡᠷᠢᠭ ᠢ᠋ ᠤᠳᠤᠷᠢᠳᠤᠨ ᠶᠠᠪᠤᠭᠤᠯᠬᠤ ᠶ᠋ᠢ ᠲᠤᠰᠢᠶᠠᠵᠤ᠂ ᠥᠭᠡᠳᠡᠢ ᠬᠠᠭᠠᠨ ᠴᠤ᠌ ᠲᠣᠮᠣ ᠬᠦᠦ ᠪᠡᠨ ᠢᠯᠡᠭᠡᠪᠡ᠃ ᠠᠷᠮᠢ ᠶ᠋ᠢ ᠤᠳᠤᠷᠢᠳᠬᠤ᠂᠂ ᠵᠥᠴᠢ ᠶ᠋ᠢᠨ ᠬᠣᠶᠠᠳᠤᠭᠠᠷ ᠬᠦᠦ ᠪᠠᠲᠤ ᠲᠡᠷᠢᠭᠦᠯᠡᠵᠦ᠂ ᠠᠬᠠᠮᠠᠳ ᠰᠦᠪᠡᠭᠡᠳᠡᠢ ᠶᠡᠷᠦᠩᠬᠡᠢ ᠵᠠᠬᠢᠷᠤᠭᠴᠢ ᠪᠠᠢᠪᠠ᠃ 1236 ᠣᠨ ᠤ᠋ ᠨᠠᠮᠤᠷ ᠪᠢᠷᠢᠶᠠᠷ ᠰᠦᠢᠳᠬᠡᠭᠳᠡᠵᠡᠢ᠃ 1237 ᠣᠨ ᠤ᠋ ᠡᠬᠢᠨ ᠦ᠌ ᠵᠢᠯ ᠦ᠋ᠨ ᠬᠠᠪᠤᠷ ᠬᠢᠪᠴᠠᠭ ᠰᠦᠢᠷᠡᠵᠦ᠂ ᠨᠠᠮᠤᠷ ᠠᠷᠮᠢ ᠣᠷᠣᠰ ᠲᠤ᠌ ᠣᠷᠣᠵᠤ᠂ ᠶᠡᠯᠧᠽᠠᠨ ᠬᠣᠲᠠ ᠶ᠋ᠢ ᠡᠵᠡᠯᠡᠨ ᠠᠪᠤᠪᠠ᠃ ᠳᠠᠷᠠᠭ᠎ᠠ ᠵᠢᠯ ᠨᠢ ᠴᠡᠷᠢᠭ ᠦ᠋ᠳ ᠳᠥᠷᠪᠡᠨ ᠬᠡᠰᠡᠭ ᠲᠦ᠍ ᠬᠤᠪᠢᠶᠠᠭᠳᠠᠵᠤ᠂ ᠮᠣᠰᠺᠸᠠ᠂ ᠷᠣᠰᠣᠲᠤᠪ ᠵᠡᠷᠭᠡ ᠠᠷᠪᠠ ᠭᠠᠷᠤᠢ ᠬᠣᠲᠠ ᠶ᠋ᠢ ᠬᠦᠷᠲᠡᠯ᠎ᠡ ᠳᠠᠭᠠᠷᠢᠨ ᠣᠷᠣᠵᠠᠢ᠃ 1239 ᠣᠨ ᠳ᠋ᠤ᠌ ᠺᠠᠸᠬᠠᠰ ᠤ᠋ᠨ ᠨᠢᠷᠤᠭᠤᠨ ᠤ᠋ ᠬᠣᠢᠲᠤ ᠬᠣᠷᠮᠣᠢ ᠶ᠋ᠢᠨ ᠠᠰᠰᠣ ᠬᠠᠭᠠᠨᠲᠤ ᠤᠯᠤᠰ ᠢ᠋ ᠤᠰᠠᠳᠬᠠᠵᠤ ᠣᠷᠣᠰ ᠤᠯᠤᠰ ᠤ᠋ᠨ ᠡᠮᠦᠨᠡᠲᠦ ᠬᠢᠯᠢ ᠶ᠋ᠢ ᠳᠣᠪᠲᠣᠯᠤᠨ ᠴᠢᠸᠠ (ᠵᠢᠫᠦ ᠶ᠋ᠢᠨ ᠶᠡᠬᠡ ᠬᠠᠭᠠᠨ) ᠳᠣᠪᠲᠣᠯᠪᠠ᠃ 1240 ᠣᠨ ᠳ᠋ᠤ᠌ ᠪᠠᠲᠤ ᠶ᠋ᠢᠨ ᠥᠪᠡᠷ ᠦ᠋ᠨ ᠴᠡᠷᠢᠭ ᠴᠢᠪᠠ ᠬᠣᠲᠠ ᠶ᠋ᠢ ᠪᠦᠰᠡᠯᠡᠨ ᠶᠡᠬᠡ ᠪᠤᠤ ᠪᠠᠷ ᠳᠣᠪᠲᠣᠯᠪᠠ᠃ ᠲᠡᠭᠦᠨ ᠦ᠌ ᠬᠠᠭᠠᠨ ᠮᠠᠭ ᠠᠢ (ᠮᠠᠬᠠᠢᠯ ᠸᠰᠧᠸᠣᠯᠣᠳᠣᠪᠢᠴ) ᠠᠶᠤᠵᠤ᠂ ᠪᠣᠯᠧᠷ (ᠫᠣᠯᠢᠰᠢ ᠶ᠋ᠢᠨ ᠬᠠᠭᠠᠨᠲᠤ ᠤᠯᠤᠰ) ᠤᠷᠤᠭᠤ ᠠᠯᠢ ᠬᠡᠳᠦᠢᠨ ᠵᠢᠭᠤᠲᠠᠭᠰᠠᠨ᠂ᠲᠡᠷᠡ ᠰᠢᠷᠬᠠᠲᠤᠵᠤ ᠪᠠᠷᠢᠪᠴᠢᠯᠠᠭᠳᠠᠵᠤ᠂ ᠪᠠᠲᠤ ᠦᠨᠡᠨᠴᠢ᠂ ᠵᠣᠷᠢᠭᠲᠠᠢ᠂ ᠥᠷᠦᠰᠢᠶᠡᠭᠳᠡᠵᠦ᠂ ᠠᠯᠠᠭᠳᠠᠭᠰᠠᠨ ᠦᠭᠡᠢ᠂ ᠬᠠᠷᠢᠨ ᠴᠢᠪᠠᠭ ᠤ᠋ᠨ ᠴᠡᠷᠢᠭ ᠦ᠋ᠳ᠂ ᠡᠩ ᠦ᠋ᠨ ᠢᠷᠭᠡᠳ ᠬᠠᠷᠭᠢᠰ ᠬᠡᠷᠴᠡᠭᠡᠢ ᠪᠡᠷ ᠬᠥᠨᠥᠭᠡᠭᠰᠡᠨ᠃ ᠮᠣᠩᠭᠣᠯ ᠤ᠋ᠨ ᠠᠷᠮᠢ ᠴᠢᠪᠠᠭ ᠡᠵᠡᠯᠡᠭᠰᠡᠨ ᠦ᠌ ᠳᠠᠷᠠᠭ᠎ᠠ ᠪᠠᠷᠠᠭᠤᠨ ᠵᠦᠭ ᠲᠦ᠍ ᠦᠷᠭᠦᠯᠵᠢᠯᠡᠭᠦᠯᠦᠨ ᠭᠠᠯᠢᠴᠢ ᠶ᠋ᠢ (ᠭᠠᠯᠢ ᠶ᠋ᠢᠨ ᠭᠦᠨᠯᠢᠭ) ᠡᠵᠡᠯᠡᠨ ᠠᠪᠴᠤ᠂ ᠲᠡᠭᠦᠨ ᠦ᠌ ᠬᠠᠭᠠᠨ ᠳᠠᠨᠢᠶᠡᠯ ᠷᠣᠮᠠᠨᠣᠸᠢᠴ ᠮᠠᠵᠠᠷ (ᠤᠩᠭᠠᠷᠢ ᠶ᠋ᠢᠨ ᠬᠠᠭᠠᠨᠲᠤ ᠤᠯᠤᠰ) ᠤᠷᠤᠭᠤ ᠵᠢᠭᠤᠲᠠᠪᠠ᠃
1241 ᠣᠨ ᠪᠠᠲᠤ ᠴᠡᠷᠢᠭ ᠢ᠋ᠶ᠋ᠡᠨ ᠬᠣᠶᠠᠷ ᠬᠡᠰᠡᠭ ᠲᠦ᠍ ᠬᠤᠪᠢᠶᠠᠵᠤ᠂ ᠨᠢᠭᠡ ᠶ᠋ᠢ ᠨᠢ ᠪᠠᠢᠳᠠᠧᠷ (ᠴᠠᠭᠠᠲᠠᠢ ᠶ᠋ᠢᠨ ᠬᠦᠦ) ᠬᠠᠭᠠᠨ᠂ ᠸᠦᠦᠢᠶᠠᠨ ᠬ ᠲᠡᠢ ᠵᠠᠩᠵᠤᠨ ᠨᠠᠷ ᠤᠳᠤᠷᠢᠳᠤᠨ ᠪᠣ ᠯᠢᠶᠡᠷ ᠤᠷᠤᠭᠤ ᠳᠣᠪᠲᠣᠯᠬᠤ ᠳ᠋ᠤ᠌ ᠨᠥᠭᠦᠭᠡ ᠶ᠋ᠢ ᠨᠢ ᠪᠠᠲᠤ᠂ ᠰᠦᠪᠡᠭᠡᠳᠡᠢ᠂ᠮᠠᠵᠠᠷ ᠤᠷᠤᠭᠤ ᠲᠡᠢᠷ᠃ ᠪᠠᠢᠳᠠᠷ ᠤ᠋ᠨ ᠴᠡᠷᠢᠭ ᠳᠣᠮᠢᠶᠧᠷ ᠬᠣᠲᠠ ᠶ᠋ᠢ ᠪᠤᠲᠠ ᠨᠢᠷᠭᠡᠵᠦ ᠺᠧᠷᠠᠺᠣᠸ ᠲᠤ᠌ ᠬᠦᠷᠴᠦ ᠢᠷᠡᠭᠡᠳ ᠪᠣᠯᠧᠷ ᠦ᠋ᠨ ᠬᠠᠭᠠᠨ II ᠭᠧᠨᠷᠢᠬᠤ ᠬᠣᠲᠠ ᠶ᠋ᠢ ᠣᠷᠬᠢᠨ ᠵᠢᠭᠤᠲᠠᠵᠤ᠂ ᠮᠣᠩᠭᠣᠯ ᠤ᠋ᠨ ᠴᠡᠷᠢᠭ ᠬᠣᠲᠠ ᠶ᠋ᠢ ᠰᠢᠲᠠᠭᠠᠵᠤ ᠰᠡᠯᠧᠽᠢ ᠶ᠋ᠢᠨ ᠨᠤᠲᠤᠭ ᠲᠤ᠌ ᠣᠷᠣᠵᠤ ᠢᠷᠡᠪᠡ᠃ ᠰᠡᠯᠧᠽᠢ ᠶ᠋ᠢᠨ ᠮᠠᠷᠺᠢᠽ ᠪᠣ ᠯᠢᠶᠸᠷ ᠦ᠋ᠨ ᠴᠡᠷᠢᠭ ᠢ᠋ ᠴᠤᠭᠯᠠᠭᠤᠯᠵᠤ᠂ ᠲᠡᠳᠡᠨ ᠳ᠋ᠦ᠍ ᠲᠤᠰᠯᠠᠬᠤ ᠪᠠᠷ ᠢᠷᠡᠭᠰᠡᠨ ᠨᠧᠮᠢᠰ ᠦ᠋ᠨ (ᠭᠧᠷᠮᠠᠨ) ᠠᠷᠮᠢ ᠲᠠᠢ ᠨᠡᠢᠯᠡᠵᠦ᠂ ᠷᠢᠨᠭᠨᠢᠼ ᠬᠣᠲᠠ ᠳ᠋ᠤ᠌ ᠰᠢᠷᠦᠭᠦᠨ ᠲᠤᠯᠤᠯᠳᠤᠵᠤ᠂ ᠮᠣᠩᠭᠣᠯ ᠤ᠋ᠨ ᠴᠡᠷᠢᠭ ᠲᠦ᠍ ᠢᠯᠠᠭᠳᠠᠭᠰᠠᠨ ᠪᠠᠢᠨ᠎ᠠ᠃ ᠷᠢᠨᠭᠨᠢᠼ ᠦ᠋ᠨ ᠲᠤᠯᠤᠯᠳᠤᠭᠠᠨ ᠧᠦ᠋ᠷᠣᠫᠠ ᠶ᠋ᠢᠨ ᠣᠷᠣᠨ ᠨᠤᠭᠤᠳ ᠢ᠋ ᠴᠣᠴᠢᠷᠳᠠᠭᠤᠯᠵᠤ᠂ ᠮᠣᠩᠭᠣᠯᠴᠤᠳ ᠤ᠋ᠨ ᠲᠦᠷᠢᠮᠡᠬᠡᠢᠯᠡᠯ ᠦ᠋ᠨ ᠨᠣᠴᠢᠲᠠᠢ ᠠᠶᠤᠯ ᠢ᠋ ᠮᠡᠳᠡᠷᠡᠭᠰᠡᠨ᠃ ᠭᠡᠰᠡᠨ ᠬᠡᠳᠦᠢ ᠴᠦ᠍ ᠫᠠᠫ ᠯᠠᠮᠠ ᠪᠣᠯᠤᠨ ᠭᠧᠷᠮᠠᠨ ᠤ᠋ ᠠᠷᠢᠭᠤᠨ ᠷᠣᠮ ᠤ᠋ᠨ ᠡᠵᠡᠨ ᠬᠠᠭᠠᠨ II ᠹᠷᠧᠳᠧᠷᠢᠺ ᠬᠣᠶᠠᠷ ᠤ᠋ᠨ ᠬᠣᠭᠣᠷᠣᠨᠳᠣ ᠬᠤᠷᠴᠠ ᠵᠥᠷᠢᠴᠡᠯ ᠡᠭᠦᠰᠦᠭᠰᠡᠨ ᠲᠤᠯᠠ ᠨᠢᠭᠡᠳᠦᠭᠰᠡᠨ ᠬᠠᠷᠢᠭᠤ ᠠᠷᠭ᠎ᠠ ᠬᠡᠮᠵᠢᠶ᠎ᠡ ᠠᠪᠴᠤ ᠴᠢᠳᠠᠭ᠎ᠠ ᠦᠭᠡᠢ ᠶᠤᠮ᠃ ᠮᠣᠩᠭᠣᠯ ᠤ᠋ᠨ ᠠᠷᠮᠢ ᠢᠯᠠᠯᠲᠠ ᠪᠠᠢᠭᠤᠯᠤᠭᠰᠠᠨ ᠤ᠋ ᠳᠠᠷᠠᠭ᠎ᠠ ᠮᠣᠷᠠᠪᠢ ᠶ᠋ᠢ ᠳᠣᠪᠲᠣᠯᠵᠤ᠂ ᠡᠮᠦᠨᠡᠲᠦ ᠵᠦᠭ ᠲᠦ᠍ ᠭᠠᠷᠴᠤ ᠪᠠᠲᠤ ᠶ᠋ᠢᠨ ᠴᠡᠷᠢᠭ ᠲᠦ᠍ ᠨᠢᠭᠡᠳᠪᠡ᠃ ᠪᠠᠲᠤ ᠶ᠋ᠢᠨ ᠴᠡᠷᠢᠭ ᠮᠠᠴᠠᠷ ᠤ᠋ᠨ ᠴᠡᠷᠢᠭ ᠢ᠋ ᠰᠠᠶ᠎ᠡ ᠭᠣᠣᠯ ᠤ᠋ᠨ ᠡᠷᠭᠢ ᠳ᠋ᠦ᠍ (ᠥᠭᠡᠷ᠎ᠡ ᠪᠡᠷ ᠬᠡᠯᠡᠪᠡᠯ 《ᠶᠤᠸᠠᠨ ᠤ᠋ ᠲᠡᠦᠬᠡ》 ᠳ᠋ᠦ᠍ ᠲᠡᠮᠳᠡᠭᠯᠡᠭᠰᠡᠨ ᠨᠠᠨᠠᠨ ᠮᠥᠷᠡᠨ) ᠪᠤᠲᠠ ᠴᠣᠬᠢᠵᠤ᠂ ᠪᠠᠲ᠋ᠠᠫᠧᠱ (《ᠶᠤᠸᠠᠨ ᠤ᠋ ᠲᠡᠦᠬᠡ》 ᠳ᠋ᠦ᠍ ᠲᠡᠮᠳᠡᠭᠯᠡᠭᠰᠡᠨ 《ᠮᠡᠴᠡ ᠬᠣᠲᠠ》) ᠬᠣᠲᠠ ᠳ᠋ᠤ᠌ ᠣᠷᠣᠵᠤ ᠢᠷᠡᠪᠡ᠂ ᠴᠡᠷᠢᠭ ᠢ᠋ᠶ᠋ᠡᠨ ᠬᠤᠪᠢᠶᠠᠭᠰᠠᠨ᠃ ᠨᠢᠭᠡ ᠨᠢ ᠸᠸᠨ ᠦ᠌ ᠣᠢᠷᠠᠯᠴᠠᠭ᠎ᠠ ᠨᠣᠢᠱᠲᠠᠳᠲ ᠤᠷᠤᠭᠤ ᠶᠠᠪᠤᠭᠰᠠᠨ᠃
ᠡᠪᠦᠯ ᠦ᠋ᠨ ᠤᠯᠠᠷᠢᠯ ᠳ᠋ᠤ᠌ ᠪᠠᠲᠤ ᠶ᠋ᠢᠨ ᠴᠡᠷᠢᠭ ᠳᠤᠨᠠ (ᠳᠤᠨᠠᠢ) ᠮᠥᠷᠡᠨ ᠢ᠋ ᠭᠠᠲᠤᠯᠤᠨ ᠭᠠᠷᠤᠨ ᠬᠣᠲᠠ ᠶ᠋ᠢ ᠡᠵᠡᠯᠡᠨ ᠠᠪᠤᠪᠠ᠃ 1242 ᠣᠨ ᠤ᠋ ᠡᠬᠢ ᠪᠡᠷ ᠬᠧᠳᠠᠨ (ᠥᠭᠡᠳᠡᠢ ᠶ᠋ᠢᠨ ᠬᠦᠦ) ᠬᠠᠭᠠᠳ ᠮᠠᠵᠠᠷ ᠤ᠋ᠨ ᠬᠠᠭᠠᠨ IV ᠪᠧᠯ (IV ᠪᠧᠯᠯᠠ) ᠶ᠋ᠢ ᠮᠥᠰᠬᠢᠬᠦ ᠪᠡᠷ ᠴᠡᠷᠢᠭ ᠬᠥᠳᠡᠯᠭᠡᠪᠡ᠃ ᠤᠳᠠᠯ ᠦᠭᠡᠢ ᠥᠭᠡᠳᠡᠢ ᠨᠠᠰᠤ ᠪᠠᠷᠠᠭᠰᠠᠨ ᠲᠤᠬᠠᠢ ᠮᠡᠳᠡᠭᠡ ᠢᠷᠡᠵᠦ᠂ ᠪᠠᠲᠤ ᠴᠡᠷᠢᠭ ᠢ᠋ᠶ᠋ᠡᠨ ᠵᠡᠭᠦᠨ ᠵᠦᠭ ᠲᠦ᠍ ᠪᠤᠴᠠᠭᠠᠨ ᠬᠥᠳᠡᠯᠭᠡᠵᠡᠢ᠂ 1243 ᠣᠨ ᠤ᠋ ᠡᠬᠢ ᠪᠡᠷ ᠢᠵᠢᠯ ᠮᠥᠷᠡᠨ ᠦ᠌ ᠠᠳᠠᠭ ᠲᠤ᠌ ᠬᠦᠷᠴᠦ ᠢᠷᠡᠪᠡ᠃ ᠡᠭᠦᠨ ᠡᠴᠡ ᠬᠣᠢᠰᠢ ᠡᠨᠳᠡ ᠪᠠᠲᠤ ᠶ᠋ᠢ ᠪᠠᠢᠭᠤᠯᠵᠤ᠂ ᠰᠠᠷᠠᠢ (ᠥᠨᠥ ᠶ᠋ᠢᠨ ᠠᠰᠲᠷᠬᠠᠨ ᠤ᠋ ᠣᠢᠷᠠᠯᠴᠠᠭ᠎ᠠ) ᠬᠣᠲᠠ ᠶ᠋ᠢ ᠨᠡᠢᠰᠯᠡᠯ ᠪᠣᠯᠭᠠᠵᠠᠢ᠃ ᠵᠡᠭᠦᠨ ᠲᠠᠯ᠎ᠠ ᠪᠠᠷ ᠢ᠋ᠶ᠋ᠠᠨ ᠶᠠᠷ ᠡᠴᠡ ᠡᠬᠢᠯᠡᠭᠡᠳ ᠪᠠᠷᠠᠭᠤᠨ ᠲᠠᠯ᠎ᠠ ᠪᠠᠷ ᠢ᠋ᠶ᠋ᠠᠨ ᠣᠷᠣᠰ ᠬᠦᠷᠲᠡᠯ᠎ᠡ ᠥᠷᠭᠡᠨ ᠠᠭᠤᠳᠠᠮ ᠭᠠᠵᠠᠷ ᠨᠤᠲᠤᠭ ᠲᠠᠢ᠂ᠲᠡᠦᠬᠡᠨ ᠳ᠋ᠦ᠍ ᠬᠢᠪᠴᠠᠭ ᠬᠠᠭᠠᠨᠲᠤ ᠤᠯᠤᠰ (ᠠᠯᠲᠠᠨ ᠤᠷᠲᠤ ᠬᠠᠭᠠᠨᠲᠤ ᠤᠯᠤᠰ) ᠭᠡᠮᠡᠨ ᠨᠡᠷᠡᠯᠡᠳᠡᠭ᠃

