ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 39 Нэгэн ном тавцан үн өдөр үн тэмдэглэлээс – 39 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 39 Нэгэн ном тавцан үн өдөр үн тэмдэглэлээс – 39

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 39 Нэгэн ном тавцан үн өдөр үн тэмдэглэлээс – 39

2025-04-27

274


       ᠨᠢᠭᠡ ᠺᠣᠮᠫᠠᠨᠢ ᠥᠨᠳᠥᠷ ᠴᠠᠯᠢᠩ ᠢ᠋ᠶ᠋ᠠᠷ ᠪᠣᠷᠣᠯᠠᠭᠤᠯᠭ᠎ᠠ ᠶ᠋ᠢᠨ ᠠᠵᠢᠯᠴᠢᠨ ᠡᠯᠰᠡᠭᠰᠡᠨ ᠭᠡᠨ᠎ᠡ᠃ ᠵᠠᠷ ᠢ᠋ᠶ᠋ᠠᠨ ᠨᠡᠢᠲᠡᠯᠡᠮᠡᠭᠴᠡ ᠲᠤᠩ ᠣᠯᠠᠨ ᠬᠥᠮᠦᠰ ᠢᠷᠡᠵᠦ ᠨᠡᠷ᠎ᠡ ᠮᠡᠳᠡᠭᠦᠯᠵᠡᠢ᠃ ᠺᠣᠮᠫᠠᠨᠢ ᠶ᠋ᠢᠨ ᠵᠠᠬᠢᠷᠤᠯ ᠠ᠋ᠴᠠ ᠲᠡᠳᠡᠭᠡᠷ ᠬᠥᠮᠦᠰ ᠲᠦ᠍ ᠨᠢᠭᠡ ᠡᠭᠦᠷᠭᠡ ᠲᠤᠰᠢᠶᠠᠵᠠᠢ᠃ ᠳᠠᠷᠤᠢ ᠯᠠᠮᠠ ᠨᠠᠷ ᠲᠤ ᠰᠠᠮ ᠬᠤᠳᠠᠯᠳᠤᠨ᠎ᠠ᠃ ᠠᠷᠪᠠ ᠬᠣᠨᠣᠭ ᠤ᠋ᠨ ᠳᠣᠲᠣᠷ᠎ᠠ ᠬᠡᠨ ᠦ᠌ ᠬᠢᠨ ᠬᠤᠳᠠᠯᠳᠤᠭᠰᠠᠨ ᠨᠢ ᠠᠷᠪᠢᠨ ᠪᠣᠯ ᠲᠡᠭᠦᠨ ᠢ᠋ ᠬᠡᠷᠡᠭᠯᠡᠨ᠎ᠡ ᠭᠡᠵᠡᠢ᠃ ᠡᠭᠦᠨ ᠢ᠋ ᠰᠣᠨᠣᠰᠤᠭᠰᠠᠨ ᠣᠯᠠᠩᠬᠢ ᠬᠥᠮᠦᠰ《ᠭᠡᠵᠢᠭᠡ ᠦᠭᠡᠢ ᠯᠠᠮᠠ ᠬᠥᠮᠦᠨ ᠳ᠋ᠦ᠍ ᠰᠠᠮ ᠬᠤᠳᠠᠯᠳᠤᠨ᠎ᠠ ᠭᠡᠳᠡᠭ ᠴᠢᠨᠢ ᠨᠢᠭᠦᠯ ᠲᠡᠢ ᠠᠵᠢᠯ》 ᠭᠡᠵᠦ ᠳᠤᠷ᠎ᠠ ᠦᠭᠡᠢ ᠨᠢ ᠬᠦᠷᠴᠦ ᠶᠠᠪᠤᠭᠰᠠᠨ ᠭᠡᠨ᠎ᠡ᠃ ᠬᠠᠮᠤᠭ ᠰᠡᠭᠦᠯ ᠳ᠋ᠦ᠍ ᠨᠢ ᠠ᠂ ᠠ᠋᠂ ᠢ ᠭᠤᠷᠪᠠᠨ ᠬᠥᠮᠦᠨ ᠦᠯᠡᠳᠡᠵᠡᠢ᠃  
       ᠠᠷᠪᠠ ᠬᠣᠨᠣᠭ ᠤ᠋ᠨ ᠳᠠᠷᠠᠭ᠎ᠠ ᠡᠨᠡ ᠭᠤᠷᠪᠠᠨ ᠬᠥᠮᠦᠨ ᠢᠷᠡᠭᠡᠳ ᠰᠠᠮ ᠬᠤᠳᠠᠯᠳᠤᠭᠰᠠᠨ ᠠᠷᠭ᠎ᠠ ᠪᠠᠨ ᠶᠠᠷᠢᠵᠠᠭᠠᠵᠠᠢ᠃ 
       ᠠ᠄《 ᠪᠢ ᠨᠢᠭᠡ ᠰᠠᠮ ᠬᠤᠳᠠᠯᠳᠤᠭᠰᠠᠨ》 ᠭᠡᠵᠡᠢ᠃ ᠠ ᠡᠬᠢᠯᠡᠭᠡᠳ ᠣᠯᠠᠨ ᠰᠦᠮ᠎ᠡ ᠳ᠋ᠦ᠍ ᠣᠴᠢᠵᠤ ᠰᠠᠮ ᠢ᠋ᠶ᠋ᠠᠨ ᠬᠤᠳᠠᠯᠳᠤᠭᠰᠠᠨ ᠴᠢᠨᠢ ᠯᠠᠮᠠ ᠨᠠᠷ ᠲᠡᠳᠡᠨ ᠢ᠋ ᠳᠣᠷᠣᠮᠵᠢᠯᠠᠵᠤ ᠪᠠᠢᠨ᠎ᠠ ᠭᠡᠳ ᠠᠭᠤᠷ ᠨᠢ ᠬᠦᠷᠴᠦ ᠲᠡᠭᠦᠨ ᠢ᠋ ᠵᠣᠳᠣᠵᠤ ᠬᠠᠷᠢᠶᠠᠨ ᠬᠥᠭᠡᠭᠡᠨ ᠶᠠᠪᠤᠭᠤᠯᠵᠠᠢ᠃ ᠠᠷᠭ᠎ᠠ ᠪᠠᠨ ᠪᠠᠷᠠᠭᠰᠠᠨ ᠲᠡᠷᠡ ᠭᠡᠷ ᠲᠡᠭᠡᠨ ᠬᠠᠷᠢᠬᠤ ᠪᠠᠷ ᠶᠠᠪᠤᠵᠤ ᠪᠠᠢᠬᠤ ᠳ᠋ᠤ᠌ ᠭᠣᠣᠯ ᠤ᠋ᠨ ᠬᠥᠪᠡᠭᠡᠨ ᠳ᠋ᠦ᠍ ᠨᠢᠭᠡ ᠯᠠᠮᠠ ᠲᠣᠯᠣᠭᠠᠢ ᠪᠠᠨ ᠮᠠᠭᠠᠵᠢᠨ ᠰᠠᠭᠤᠵᠤ ᠪᠠᠢᠵᠠᠢ᠃ ᠲᠡᠭᠡᠭᠡᠳ ᠲᠡᠷᠡ ᠬᠥᠮᠦᠨ ᠭᠡᠨᠡᠳᠲᠡ ᠨᠢᠭᠡ ᠤᠬᠠᠭᠠᠨ ᠲᠥᠷᠥᠭᠳᠡᠵᠦ ᠲᠡᠷᠡ ᠯᠠᠮᠠ ᠳ᠋ᠤ᠌ ᠣᠴᠢᠵᠤ ᠥᠪᠡᠷ ᠦ᠋ᠨ ᠰᠠᠮ ᠢ᠋ᠶ᠋ᠠᠨ ᠮᠠᠭᠲᠠᠭᠰᠠᠨ ᠳ᠋ᠤ᠌ ᠲᠡᠷᠡ ᠯᠠᠮᠠ ᠨᠢᠭᠡ ᠶ᠋ᠢ ᠠᠪᠴᠠᠢ᠃  
       ᠠ᠋ ᠬᠥᠮᠦᠨ ᠬᠠᠷᠢᠨ ᠠᠷᠪᠠᠨ ᠰᠠᠮ ᠬᠤᠳᠠᠯᠳᠤᠭᠰᠠᠨ ᠪᠠᠢᠨ᠎ᠠ᠃ ᠠ᠋ ᠬᠡᠳᠦᠨ ᠡᠳᠦᠷ ᠶᠠᠪᠤᠵᠤ ᠰᠦᠮ᠎ᠡ ᠶ᠋ᠢᠨ ᠬᠣᠷᠢᠶᠠᠨ ᠳ᠋ᠤ᠌ ᠪᠠᠢᠴᠠᠭᠠᠯᠲᠠ ᠬᠢᠭᠡᠳ ᠨᠢᠭᠡ ᠵᠦᠢᠯ ᠦ᠋ᠨ ᠶᠠᠭᠤᠮ᠎ᠠ ᠶ᠋ᠢ ᠣᠯᠵᠤ ᠮᠡᠳᠡᠵᠡᠢ᠃ ᠰᠦᠮ᠎ᠡ ᠳ᠋ᠦ᠍ ᠢᠷᠡᠳᠡᠭ ᠮᠥᠷᠭᠥᠯᠴᠢᠳ ᠦ᠋ᠨ ᠳᠣᠲᠣᠷ᠎ᠠ ᠨᠢᠭᠡ ᠪᠦᠯᠦᠭ ᠤᠷᠲᠤ ᠭᠡᠵᠢᠭᠡ ᠲᠡᠢ ᠬᠥᠮᠦᠰ ᠭᠠᠳᠠᠨ᠎ᠠ ᠪᠤᠷᠬᠠᠨ ᠳ᠋ᠤ᠌ ᠮᠥᠷᠭᠥᠬᠦ ᠦᠶ᠎ᠡ ᠳ᠋ᠦ᠍ ᠰᠠᠯᠬᠢᠨ ᠭᠠᠷᠪᠠᠯ ᠭᠡᠵᠢᠭᠡ ᠶ᠋ᠢ ᠨᠢ ᠦᠯᠢᠶᠡᠭᠡᠳ ᠥᠷᠪᠡᠢᠯᠭᠡᠭᠡᠳ ᠪᠠᠢᠳᠠᠭ ᠶᠤᠮ ᠪᠠᠢᠨ᠎ᠠ᠃ ᠲᠡᠭᠡᠭᠡᠳ ᠡᠨᠡ ᠬᠥᠮᠦᠨ ᠰᠦᠮ᠎ᠡ ᠶ᠋ᠢ ᠵᠠᠬᠢᠷᠤᠭᠴᠢ ᠳᠠ ᠯᠠᠮᠠ ᠶ᠋ᠢ ᠡᠷᠢᠵᠦ ᠣᠴᠢᠭᠠᠳ ᠣᠯᠵᠤ ᠦᠵᠡᠭᠰᠡᠨ ᠤᠴᠢᠷ ᠢ᠋ᠶ᠋ᠠᠨ ᠬᠡᠯᠡᠭᠡᠳ ᠵᠠᠯᠭᠠᠭᠠᠳ᠄《ᠪᠤᠷᠬᠠᠨ ᠳ᠋ᠤ᠌ ᠮᠥᠷᠭᠥᠬᠦ ᠬᠥᠮᠦᠨ ᠭᠡᠵᠢᠭᠡ ᠦᠰᠦ ᠪᠡᠨ ᠰᠡᠭᠰᠡᠢᠯᠭᠡᠭᠡᠳ ᠮᠠᠭᠤᠬᠠᠢ ᠪᠠᠢᠨ᠎ᠠ᠃ ᠪᠤᠷᠬᠠᠨ ᠳ᠋ᠤ᠌ ᠬᠦᠨᠳᠦᠳᠬᠡᠯ ᠦᠭᠡᠢ ᠪᠠᠢᠨ᠎ᠠ᠃ ᠲᠡᠢᠮᠦ ᠡᠴᠡ ᠮᠥᠷᠭᠥᠯᠴᠢᠳ ᠦ᠋ᠨ ᠮᠥᠷᠭᠥᠯ ᠬᠢᠬᠦ ᠭᠠᠵᠠᠷ ᠲᠤ ᠨᠢᠭᠡ ᠰᠠᠮ ᠪᠡᠯᠡᠳᠬᠡᠭᠡᠳ ᠲᠠᠯᠪᠢᠴᠢᠬᠠᠪᠠᠯ ᠵᠦᠭᠡᠷ ᠶᠦᠮ》 ᠭᠡᠵᠦ ᠬᠡᠯᠡᠵᠡᠢ᠃ ᠲᠡᠭᠡᠭᠡᠳ ᠰᠦᠮ᠎ᠡ ᠶ᠋ᠢᠨ ᠵᠠᠬᠢᠷᠤᠭᠴᠢ ᠳᠠ ᠯᠠᠮᠠ ᠠᠷᠪᠠᠨ ᠰᠠᠮ ᠬᠤᠳᠠᠯᠳᠤᠨ ᠠᠪᠴᠠᠢ᠃ 
       ᠢ ᠬᠥᠮᠦᠨ ᠬᠠᠷᠢᠨ ᠨᠢᠭᠡ ᠯᠡ ᠳᠡᠭᠡᠷ᠎ᠡ ᠮᠢᠩᠭᠠᠨ ᠰᠠᠮ ᠬᠤᠳᠠᠯᠳᠤᠭᠠᠳ ᠺᠣᠮᠫᠠᠨᠢ ᠶ᠋ᠢᠨ ᠵᠠᠬᠢᠷᠤᠯ ᠢ᠋ ᠭᠠᠢᠬᠠᠰᠢᠷᠠᠭᠤᠯᠵᠠᠢ᠃ ᠢ ᠬᠥᠮᠦᠨ ᠬᠡᠳᠦᠨ ᠡᠳᠦᠷ ᠶᠠᠪᠤᠵᠤ ᠮᠥᠷᠭᠥᠯᠴᠢᠳ ᠣᠯᠠᠨ ᠪᠠᠢᠳᠠᠭ ᠨᠢᠭᠡ ᠰᠦᠮ᠎ᠡ ᠶ᠋ᠢ ᠣᠯᠵᠤ ᠰᠦᠮ᠎ᠡ ᠶ᠋ᠢ ᠬᠠᠮᠢᠶᠠᠷᠤᠭᠴᠢ ᠳᠠ ᠯᠠᠮᠠ ᠲᠠᠢ ᠠᠭᠤᠯᠵᠠᠵᠠᠢ᠃ ᠲᠡᠭᠡᠭᠡᠳ ᠲᠡᠷᠡ ᠬᠥᠮᠦᠨ ᠯᠠᠮᠠ ᠳ᠋ᠤ᠌᠄《ᠡᠨᠳᠡ ᠢᠷᠡᠵᠦ ᠪᠠᠢᠭ᠎ᠠ ᠮᠥᠷᠭᠥᠯᠴᠢᠳ ᠪᠦᠬᠦᠨ ᠴᠥᠮ ᠦᠨᠡᠨᠴᠢ ᠰᠦᠰᠦᠭᠲᠡᠨ ᠪᠣᠯᠬᠣᠷ ᠲᠡᠳᠡᠨ ᠦ᠌ ᠥᠭᠯᠢᠭᠡ ᠶ᠋ᠢᠨ ᠬᠠᠷᠢᠭᠤ ᠳ᠋ᠤ᠌ ᠨᠢᠭᠡ ᠤᠳᠬ᠎ᠠ ᠠᠭᠤᠯᠭ᠎ᠠ ᠲᠠᠢ ᠪᠡᠯᠡᠭ ᠬᠦᠷᠭᠡᠵᠦ ᠳᠤᠷᠠᠰᠬᠠᠯ ᠪᠣᠯᠭᠠᠪᠠᠯ ᠵᠣᠬᠢᠰᠲᠠᠢ ᠪᠢᠰᠢ ᠤᠤ? ᠨᠠᠳᠠ ᠳ᠋ᠤ᠌ ᠨᠢᠭᠡ ᠪᠦᠯᠦᠭ ᠰᠠᠮ ᠪᠠᠢᠨ᠎ᠠ᠂ ᠲᠠ ᠲᠡᠳᠡᠭᠡᠷ ᠰᠠᠮ ᠳᠡᠭᠡᠷ᠎ᠡ(ᠪᠤᠶᠠᠨ ᠠᠷᠪᠢᠵᠢᠭᠤᠯᠬᠤ ᠰᠠᠮ)  ᠭᠡᠳᠡᠭ ᠦᠰᠦᠭ ᠰᠡᠢᠯᠦᠭᠡᠳ ᠬᠦᠷᠭᠡᠪᠡᠯ ᠶᠠᠮᠠᠷ ᠪᠣᠢ?》 ᠭᠡᠵᠦ ᠰᠠᠨᠠᠭᠤᠯᠭ᠎ᠠ ᠭᠠᠷᠭᠠᠭᠰᠠᠨ ᠳ᠋ᠤ᠌ ᠵᠠᠬᠢᠷᠤᠭᠴᠢ ᠳᠠ ᠯᠠᠮᠠ ᠶᠡᠬᠡ ᠪᠠᠶᠠᠷᠯᠠᠵᠤ ᠲᠡᠭᠦᠨ ᠡᠴᠡ ᠮᠢᠩᠭᠠᠨ ᠰᠠᠮ ᠬᠤᠳᠠᠯᠳᠤᠨ ᠠᠪᠤᠭᠰᠠᠨ ᠭᠡᠨ᠎ᠡ᠃  

             ᠦᠰᠦᠭ ᠠᠮᠢᠯᠠᠭᠤᠯᠤᠭᠴᠢ᠄ ᠡᠩᠬᠡᠪᠠᠲᠤ  
                 ᠦᠰᠦᠭ ᠬᠢᠨᠠᠭᠴᠢ᠄ ᠪᠠᠶᠠᠷᠴᠡᠴᠡᠭ