ᠡᠨᠡ ᠶᠠᠪᠤᠭ᠎ᠠ ᠨᠠᠰᠤᠨ ᠳ᠋ᠠᠭᠠᠨ᠁ - ᠪᠠᠪᠤᠤ ᠶ᠋ᠢᠨ ᡀᠬᠠᠪᠠᠰᠥ᠋ᠷᠦᠩ - Энэ яваа насандаа ᠁ – Бавуугийн Лхагвасүрэн
ᠡᠨᠡ ᠶᠠᠪᠤᠭ᠎ᠠ ᠨᠠᠰᠤᠨ ᠳ᠋ᠠᠭᠠᠨ᠁
ᠡᠨᠡ ᠶᠠᠪᠤᠭ᠎ᠠ ᠨᠠᠰᠤᠨ ᠳ᠋ᠠᠭᠠᠨ
ᠡᠳ᠋ ᠠᠭᠤᠷᠠᠰᠤ ᠬᠤᠷᠢᠶᠠᠭᠰᠠᠨ ᠪᠦᠬᠦᠨ ᠦ᠌ ᠪᠡᠨ
ᠡᠮᠲᠡᠷᠬᠡᠢ ᠶ᠋ᠢ ᠴᠤ᠌ ᠪᠣᠯᠤᠭᠰᠠᠨ ᠡᠭᠦᠷᠦᠭᠡᠳ
ᠡᠷᠯᠢᠭ ᠲᠦ᠍ ᠣᠴᠢᠭᠰᠠᠨ ᠬᠥᠮᠦᠨ ᠦᠭᠡᠢ᠁
ᠠᠮᠢ ᠲᠠᠯᠪᠢᠬᠤ ᠶ᠋ᠢᠨ ᠴᠠᠭ ᠲᠤᠷ
ᠬᠥᠮᠦᠨ ᠭᠡᠭᠴᠢ ᠬᠥᠭᠡᠷᠦᠬᠦᠢ᠁
ᠠᠮᠢᠰᠬᠤᠭ᠎ᠠ ᠪᠠᠨ ᠬᠤᠷᠢᠶᠠᠲᠠᠯᠠ᠂
ᠡᠬᠡ ᠭᠠᠵᠠᠷ ᠳᠡᠭᠡᠷ᠎ᠡ ᠣᠷᠣᠰᠢᠳᠠᠭ᠁
ᠲᠢᠲᠢᠮ ᠢ᠋ᠶ᠋ᠡᠨ ᠬᠡᠨ ᠳ᠋ᠦ᠍ ᠴᠤ᠌ ᠥᠭᠬᠦ ᠦᠭᠡᠢ ᠭᠡᠵᠦ
ᠲᠡᠪᠡᠷᠢᠭᠡᠳ ᠲᠩᠷᠢ ᠳ᠋ᠦ᠍ ᠬᠠᠯᠢᠭᠰᠠᠨ ᠬᠠᠭᠠᠨ ᠭᠡᠵᠦ ᠦᠭᠡᠢ᠁
ᠲᠡᠮᠡᠴᠡᠵᠦ ᠰᠥᠭᠥᠳᠴᠦ ᠬᠤᠮᠢᠭᠰᠠᠨ ᠲᠥᠷᠥ ᠤᠯᠤᠰ ᠢ᠋ᠶ᠋ᠠᠨ ᠬᠦᠷᠲᠡᠯ᠎ᠡ
ᠲᠡᠨᠡᠭ ᠰᠡᠴᠡᠳ ᠦ᠋ᠨ ᠳᠤᠮᠳᠠ《ᠢᠳᠡᠭᠦᠷ》 ᠰᠢᠭ ᠬᠠᠶᠠᠵᠤ ᠣᠳᠳᠠᠭ᠃
2008 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
