ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 38 Нэгэн ном тавцан үн өдөр үн тэмдэглэлээс – 38
ᠨᠢᠭᠡ ᠰᠡᠳᠬᠢᠴᠡ ᠶ᠋ᠢᠨ ᠤᠬᠠᠭᠠᠨ ᠤ᠋ ᠫᠷᠣᠹᠧᠰᠰᠣᠷ ᠰᠣᠯᠢᠶ᠎ᠠ ᠡᠪᠡᠳᠴᠢᠨ ᠦ᠌ ᠡᠮᠨᠡᠯᠭᠡ ᠳ᠋ᠦ᠍ ᠣᠴᠢᠵᠤ ᠡᠪᠡᠳᠴᠢᠲᠡᠨ ᠦ᠌ ᠪᠠᠢᠳᠠᠯ ᠢ᠋ ᠣᠢᠯᠠᠭᠠᠵᠠᠢ᠃ ᠨᠢᠭᠡ ᠡᠳᠦᠷ ᠦ᠋ᠨ ᠪᠠᠢᠳᠠᠯ ᠢ᠋ ᠬᠠᠷᠠᠭᠠᠳ ᠡᠳᠡᠭᠡᠷ ᠬᠥᠮᠦᠰ ᠦ᠋ᠨ ᠬᠡᠢᠷᠬᠡᠦ᠂ ᠰᠠᠨᠠᠭᠠᠨ ᠠ᠋ᠴᠠ ᠭᠠᠳᠠᠭᠤᠷ ᠦᠢᠯᠡ ᠠᠵᠢᠯᠯᠠᠭᠠᠨ ᠳ᠋ᠤ᠌ ᠶᠡᠬᠡ ᠯᠡ ᠨᠢᠳᠦ ᠨᠡᠭᠡᠭᠡᠭᠰᠡᠨ ᠭᠡᠨ᠎ᠡ᠃ ᠣᠷᠣᠢ ᠨᠢ ᠬᠠᠷᠢᠬᠤ ᠭᠡᠰᠡᠨ ᠴᠢᠨᠢ ᠲᠡᠷᠭᠡᠨ ᠦ᠌ ᠨᠢᠭᠡ ᠪᠤᠯᠤ ᠨᠢ ᠪᠠᠢᠬᠤ ᠦᠭᠡᠢ ᠪᠣᠯᠴᠢᠬᠠᠭᠰᠠᠨ ᠪᠠᠢᠯ᠎ᠠ᠃ ᠲᠡᠷᠡ ᠳᠣᠲᠣᠷ᠎ᠠ ᠪᠠᠨ ᠯᠠᠪ ᠯᠠ ᠠᠯᠢ ᠨᠢᠭᠡ ᠰᠣᠯᠢᠶᠠᠲᠤ ᠶ᠋ᠢᠨ ᠬᠢᠭᠰᠡᠨ ᠬᠡᠷᠡᠭ ᠭᠡᠵᠦ ᠪᠣᠳᠣᠵᠤ ᠪᠡᠯᠡᠳᠬᠡᠯ ᠪᠤᠯᠤ ᠪᠠᠨ ᠤᠭᠰᠠᠷᠠᠭᠤᠯᠵᠤ ᠣᠷᠣᠭᠤᠯᠬᠤ ᠭᠡᠪᠡ᠃ ᠬᠠᠷᠠᠯᠠᠭᠰᠠᠨ ᠬᠡᠷᠡᠭ! ᠲᠡᠷᠭᠡᠨ ᠪᠤᠯᠤ ᠶ᠋ᠢ ᠨᠢ ᠮᠤᠯᠲᠤᠯᠠᠭᠰᠠᠨ ᠬᠥᠮᠦᠨ ᠱᠤᠷᠠᠭ ᠢ᠋ ᠨᠢ ᠪᠠᠰᠠ ᠠᠪᠤᠭᠠᠳ ᠶᠠᠪᠤᠴᠢᠬᠠᠭᠰᠠᠨ ᠪᠠᠢᠵᠠᠢ᠃ ᠫᠷᠣᠹᠧᠰᠰᠣᠷ ᠶᠡᠬᠡ ᠰᠠᠨᠳᠤᠷᠴᠤ ᠶᠠᠭᠠᠬᠢᠬᠤ ᠪᠠᠨ ᠣᠯᠬᠤ ᠦᠭᠡᠢ ᠭᠠᠴᠢᠭᠳᠠᠵᠤ ᠪᠠᠢᠬᠤ ᠳ᠋ᠤ᠌ ᠨᠢᠭᠡ ᠰᠣᠯᠢᠶᠠᠲᠤ ᠳᠠᠭᠤᠤ ᠭᠢᠩᠰᠢᠨ ᠦᠰᠦᠷᠴᠦ ᠬᠠᠷᠠᠢᠭᠰᠠᠭᠠᠷ ᠬᠦᠷᠴᠦ ᠢᠷᠡᠪᠡ᠃ ᠫᠷᠣᠹᠧᠰᠰᠣᠷ ᠤ᠋ᠨ ᠭᠠᠴᠢᠭᠳᠠᠵᠤ ᠪᠠᠢᠬᠤ ᠶ᠋ᠢ ᠦᠵᠡᠵᠦ ᠭᠠᠷᠤᠭᠰᠠᠨ ᠲᠡᠷᠡ ᠶᠠᠮᠠᠷ ᠤᠴᠢᠷ ᠪᠣᠯᠤᠭᠰᠠᠨ ᠢ᠋ ᠠᠰᠠᠭᠤᠵᠠᠢ᠃ ᠫᠷᠣᠹᠧᠰᠰᠣᠷ ᠲᠡᠭᠦᠨ ᠢ᠋ ᠣᠢᠰᠢᠶᠠᠬᠤ ᠰᠠᠨᠠᠭ᠎ᠠ ᠦᠭᠡᠢ ᠴᠤ᠌ ᠶᠣᠰᠣ ᠮᠣᠷᠠᠯ ᠲᠠᠢ ᠶ᠋ᠢ ᠪᠣᠳᠣᠵᠤ ᠤᠴᠢᠷ ᠢ᠋ᠶ᠋ᠠᠨ ᠬᠡᠯᠡᠵᠦ ᠥᠭᠴᠡᠢ᠃ ᠰᠣᠯᠢᠶᠠᠲᠤ ᠬᠠᠳᠠᠭᠠᠨᠠᠲᠠᠯ᠎ᠠ ᠢᠨᠢᠶᠡᠭᠡᠳ᠄《 ᠡᠨᠡ ᠴᠢᠨᠢ ᠠᠮᠠᠷᠬᠠᠨ ᠰᠢᠳᠡ! ᠨᠠᠳᠠ ᠳ᠋ᠤ᠌ ᠠᠷᠭ᠎ᠠ ᠲᠠᠢ》 ᠭᠡᠳ ᠨᠥᠭᠦᠭᠡ ᠭᠤᠷᠪᠠᠨ ᠪᠤᠯᠤ ᠪᠦᠷᠢ ᠡᠴᠡ ᠨᠢ ᠨᠢᠭᠡ ᠱᠤᠷᠠᠭ ᠪᠠᠭᠤᠯᠭᠠᠵᠤ ᠠᠪᠤᠭᠠᠳ ᠪᠡᠯᠡᠳᠬᠡᠯ ᠪᠤᠯᠤ ᠶ᠋ᠢ ᠤᠭᠰᠠᠷᠠᠵᠤ ᠣᠷᠣᠭᠤᠯᠵᠠᠢ᠃ ᠫᠷᠣᠹᠧᠰᠰᠣᠷ ᠮᠠᠰᠢ ᠶᠡᠬᠡ ᠪᠠᠶᠠᠷᠯᠠᠭᠰᠠᠨ ᠮᠥᠷᠲᠡᠭᠡᠨ ᠭᠠᠢᠬᠠᠰᠢ ᠠᠯᠲᠠᠨ᠄《 ᠴᠢ ᠶᠠᠭᠠᠬᠢᠬᠤ ᠳ᠋ᠠᠭᠠᠨ ᠡᠢᠮᠦ ᠠᠷᠭ᠎ᠠ ᠶ᠋ᠢ ᠪᠣᠳᠣᠵᠤ ᠣᠯᠪᠠ?》 ᠭᠡᠬᠦ ᠳ᠋ᠦ᠍ ᠰᠣᠯᠢᠶᠠᠲᠤ᠄《 ᠪᠢ ᠰᠣᠯᠢᠶᠠᠲᠠᠢ ᠪᠣᠯᠪᠠᠴᠤ ᠲᠡᠨᠡᠭ ᠪᠢᠰᠢ ᠰᠢᠦ》 ᠭᠡᠵᠦ ᠢᠨᠢᠶᠡᠨ ᠬᠡᠯᠡᠵᠡᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
