ᠲᠤᠰᠠ ᠶ᠋ᠢ ᠠᠴᠢ ᠪᠠᠷ ᠬᠠᠷᠢᠭᠤᠯᠠᠭᠰᠠᠨ ᠨᠢ Тусыг ачаар хариулсан нь ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠰᠠ ᠶ᠋ᠢ ᠠᠴᠢ ᠪᠠᠷ ᠬᠠᠷᠢᠭᠤᠯᠠᠭᠰᠠᠨ ᠨᠢ Тусыг ачаар хариулсан нь

ᠲᠤᠰᠠ ᠶ᠋ᠢ ᠠᠴᠢ ᠪᠠᠷ ᠬᠠᠷᠢᠭᠤᠯᠠᠭᠰᠠᠨ ᠨᠢ Тусыг ачаар хариулсан нь

ᠠᠩᠭᠢᠯᠠᠯ:ᠳᠣᠮᠣᠭ ᠦᠯᠢᠭᠡᠷ
2025-04-28

930

ᠲᠤᠰᠠ ᠶ᠋ᠢ ᠠᠴᠢ ᠪᠠᠷ ᠬᠠᠷᠢᠭᠤᠯᠠᠭᠰᠠᠨ ᠨᠢ

     ᠡᠷᠲᠡ ᠤᠷᠢᠳᠤ ᠴᠠᠭ ᠲᠤ᠌ ᠡᠮᠡᠭᠡᠨ ᠡᠪᠦᠭᠡᠨ ᠬᠣᠶᠠᠷ ᠠᠮᠢᠳᠤᠷᠠᠵᠤ ᠪᠠᠢᠵᠤ ᠭᠡᠨ᠎ᠡ᠂ ᠨᠢᠭᠡ ᠡᠳᠦᠷ ᠡᠪᠦᠭᠡᠨ ᠨᠢ ᠠᠷᠭᠠᠯ ᠲᠡᠭᠦᠭᠡᠳ ᠶᠠᠪᠤᠵᠤ ᠪᠠᠢᠲᠠᠯ᠎ᠠ ᠰᠤᠭ ᠰᠤᠭ ᠶᠠᠪᠤᠳᠠᠯ ᠲᠠᠢ ᠰᠤᠬᠠᠢ ᠰᠢᠷ᠎ᠠ ᠵᠢᠰᠦᠲᠦ ᠦᠨᠡᠭᠡ ᠭᠦᠶᠦᠵᠦ ᠢᠷᠡᠭᠡᠳ᠂ 
       — ᠡᠪᠦᠭᠡᠨ ᠭᠤᠸᠠᠢ᠂ ᠡᠪᠦᠭᠡᠨ ᠭᠤᠸᠠᠢ ᠤᠲᠠᠰᠤᠨ ᠴᠢᠨᠡᠭᠡᠨ ᠠᠮᠢ ᠶ᠋ᠢ ᠮᠢᠨᠢ ᠠᠪᠤᠷᠠᠵᠤ ᠬᠠᠢᠷᠠᠯᠠ ᠭᠡᠳ ᠰᠢᠷᠪᠠᠯᠵᠠᠭᠠᠳ ᠭᠢᠶᠡᠨᠡᠭᠡᠳ ᠤᠨᠠᠵᠠᠢ᠃    
       ᠥᠲᠡᠯᠦᠭᠡ ᠡᠪᠦᠭᠡᠨ ᠪᠢ ᠴᠢᠮ᠎ᠠ ᠶ᠋ᠢ ᠶᠠᠭᠠᠬᠢᠵᠤ ᠠᠪᠤᠷᠠᠬᠤ ᠪᠢᠯᠡ ᠭᠡᠮᠡᠨ ᠰᠠᠨᠳᠤᠷᠲᠠᠯ᠎ᠠ᠂
        — ᠬᠡᠳᠦᠨ ᠫᠤᠤ ᠲᠠᠢ ᠬᠥᠮᠦᠨ ᠨᠠᠮ᠎ᠠ ᠶ᠋ᠢ ᠬᠥᠭᠡᠭᠡᠵᠦ ᠶᠠᠪᠤᠨ᠎ᠠ᠂ ᠪᠢ ᠲᠠᠨ ᠤ᠋ ᠲᠡᠭᠦᠭᠰᠡᠨ ᠠᠷᠭᠠᠯ ᠳᠣᠣᠷ᠎ᠠ ᠣᠷᠣᠵᠤ ᠬᠡᠪᠲᠡᠶ᠎ᠡ ᠭᠡᠵᠦ ᠭᠡᠨ᠎ᠡ᠃
      ᠡᠪᠦᠭᠡᠨ ᠴᠦ᠍ ᠬᠡᠯᠡᠭᠰᠡᠨ ᠶᠣᠰᠣᠭᠠᠷ ᠨᠢ ᠦᠨᠡᠭᠡ ᠶ᠋ᠢ ᠨᠢᠭᠤᠵᠤ ᠣᠷᠬᠢᠪᠠ᠂ ᠭᠡᠲᠡᠯ᠎ᠡ ᠫᠤᠤ ᠰᠢᠳᠡᠮ ᠡᠭᠦᠷᠦᠭᠰᠡᠨ ᠬᠡᠳᠦᠨ ᠭᠥᠷᠥᠭᠡᠴᠢᠨ ᠠᠷᠤ ᠠ᠋ᠴᠠ ᠨᠢ ᠳᠠᠪᠬᠢᠵᠤ ᠢᠷᠡᠭᠡᠳ᠂
        — ᠠᠭᠤᠯᠠ ᠶ᠋ᠢᠨ ᠤᠯᠠᠭᠠᠨ ᠦᠨᠡᠭᠡ ᠡᠭᠦᠪᠡᠷ ᠥᠩᠭᠡᠷᠡᠪᠡ ᠦᠦ᠂ ᠡᠪᠦᠭᠡᠨ ᠭᠤᠸᠠᠢ᠂ ᠦᠵᠡᠪᠡ ᠦᠦ ᠳᠠ ᠭᠡᠵᠦ ᠠᠰᠠᠭᠤᠪᠠᠰᠤ᠂
        — ᠦᠭᠡᠢ᠂ ᠦᠭᠡᠢ᠂ ᠨᠠᠳᠠ ᠳ᠋ᠤ᠌ ᠯᠠᠪ ᠶᠠᠭᠤᠮ᠎ᠠ ᠬᠠᠷᠠᠭᠳᠠᠭᠰᠠᠨ ᠦᠭᠡᠢ ᠭᠡᠵᠦ ᠬᠡᠯᠡᠭᠡᠳ ᠴᠢᠯᠠᠭᠤ ᠬᠥᠭᠡᠭᠡᠯᠭᠡᠵᠦ ᠣᠷᠬᠢᠵᠠᠢ᠂ ᠦᠨᠡᠭᠡ ᠠᠷᠭᠠᠯ ᠳᠣᠣᠷ᠎ᠠ ᠠ᠋ᠴᠠ ᠭᠠᠷᠴᠤ ᠢᠷᠡᠭᠡᠳ ᠳᠡᠭᠡᠷ᠎ᠡ ᠳᠡᠭᠡᠷ᠎ᠡ ᠴᠣᠪᠬᠣᠷᠠᠵᠤ᠂ ᠳᠡᠯᠢᠮ ᠪᠡᠶ᠎ᠡ ᠪᠡᠨ ᠰᠡᠪ ᠰᠡᠪ ᠰᠢᠯᠭᠡᠭᠡᠭᠡᠳ᠂
        — ᠲᠠ ᠠᠮᠢᠨ ᠳ᠋ᠤ᠌ ᠮᠢᠨᠢ ᠣᠷᠣᠯ᠎ᠠ᠂ ᠮᠠᠷᠭᠠᠰᠢ ᠮᠠᠨ ᠤ᠋ ᠬᠢ ᠪᠡᠷ ᠠᠢᠯᠴᠢᠯᠠᠵᠤ ᠣᠴᠢᠭᠠᠷᠠᠢ᠂ ᠡᠨᠡ ᠬᠣᠢᠲᠤ ᠠᠭᠤᠯᠠ ᠶ᠋ᠢᠨ ᠠᠷᠤ ᠳᠣᠣᠷ᠎ᠠ ᠡᠯᠢᠭᠡᠨ ᠤᠯᠠᠭᠠᠨ ᠬᠠᠳᠠ ᠪᠣᠢ᠂ ᠲᠡᠷᠡ ᠬᠠᠳᠠᠨ ᠤ᠋ ᠳᠣᠣᠷ᠎ᠠ ᠣᠴᠢᠭᠠᠳ《 ᠠᠭᠤᠯᠠ ᠶ᠋ᠢᠨ ᠤᠯᠠᠭᠠᠨ ᠦᠨᠡᠭᠡ ᠤᠷᠢᠶ᠎ᠠ ᠤᠷᠢᠶ᠎ᠠ》 ᠭᠡᠭᠡᠷᠡᠢ᠂ ᠲᠡᠭᠡᠬᠦ ᠪᠡᠷ ᠨᠢᠭᠡ ᠬᠥᠮᠦᠨ ᠭᠠᠷᠴᠤ ᠢᠷᠡᠨ᠎ᠡ ᠭᠡᠵᠦ ᠭᠡᠨ᠎ᠡ᠂ ᠡᠪᠦᠭᠡᠨ ᠭᠡᠷ ᠲᠦ᠍ ᠪᠡᠨ ᠬᠠᠷᠢᠭᠠᠳ ᠡᠮᠡᠭᠡᠨ ᠳ᠋ᠦ᠍ ᠪᠡᠨ ᠡᠳᠦᠷ ᠦ᠋ᠨ ᠶᠠᠪᠤᠳᠠᠯ ᠢ᠋ᠶ᠋ᠠᠨ᠂ ᠦᠨᠡᠭᠡ ᠲᠡᠢ ᠠᠭᠤᠯᠵᠠᠭᠰᠠᠨ ᠢ᠋ᠶ᠋ᠠᠨ᠂ ᠨᠢᠭᠤᠭᠰᠠᠨ ᠢ᠋ᠶ᠋ᠠᠨ ᠬᠡᠯᠡᠵᠡᠢ᠂ ᠡᠮᠡᠭᠡᠨ ᠨᠢ ᠭᠠᠢᠬᠠᠬᠤ ᠶ᠋ᠢᠨ ᠶᠡᠬᠡ ᠪᠡᠷ ᠭᠠᠢᠬᠠᠵᠤ᠂
        — ᠡᠨᠡ ᠡᠪᠦᠭᠡᠨ ᠦ᠌ ᠤᠬᠠᠭᠠᠨ ᠰᠣᠯᠢᠭᠤ ᠭᠠᠵᠢᠭᠤ ᠪᠣᠯᠵᠤ᠂ ᠦᠨᠡᠭᠡ ᠬᠥᠮᠦᠨ ᠬᠠᠷ᠎ᠠ ᠳᠡᠭᠡᠷ᠎ᠡ ᠢᠷᠡᠵᠦ᠂ ᠬᠥᠮᠦᠨ ᠦ᠌ ᠬᠡᠯᠡ ᠪᠡᠷ ᠥᠭᠦᠯᠡᠨ᠎ᠡ ᠭᠡᠵᠦ ᠶᠠᠭᠤ ᠪᠠᠢᠬᠤ ᠪᠣᠢ ᠳᠠ ᠭᠡᠮᠡᠨ ᠱᠣᠭᠰᠢᠷᠠᠵᠤ ᠭᠠᠷᠴᠠᠢ᠂ ᠭᠡᠲᠡᠯ᠎ᠡ ᠤᠭ ᠨᠢ ᠡᠪᠦᠭᠡᠨ ᠨᠢ ᠠᠮᠢᠲᠠᠨ ᠤ᠋ ᠬᠡᠯᠡ ᠤᠰᠤ ᠶ᠋ᠢ ᠠᠨᠳᠠᠬᠤ ᠦᠭᠡᠢ ᠮᠡᠳᠡᠳᠡᠭ ᠨᠢᠭᠡᠨ ᠶᠤᠮᠰᠠᠨᠵᠠᠢ᠂ ᠮᠠᠷᠭᠠᠰᠢ ᠨᠢ ᠦᠨᠡᠭᠡᠨ ᠦ᠌ ᠬᠡᠯᠡᠭᠰᠡᠨ ᠭᠠᠵᠠᠷ ᠣᠴᠢᠭᠠᠳ᠂ 
         ᠠᠭᠤᠯᠠ ᠶ᠋ᠢᠨ ᠦᠨᠡᠭᠡ ᠤᠷᠢᠶ᠎ᠠ ᠤᠷᠢᠶ᠎ᠠ ᠭᠡᠲᠡᠯ᠎ᠡ ᠨᠢᠭᠡ ᠬᠡᠦᠬᠡᠨ ᠭᠠᠷᠴᠤ ᠢᠷᠡᠭᠡᠳ ᠲᠣᠮᠣ ᠠᠭᠤᠢ ᠤᠷᠤᠭᠤ ᠳᠠᠭᠠᠭᠤᠯᠵᠤ ᠣᠷᠣᠪᠠ᠃
         ᠳᠣᠲᠣᠷ᠎ᠠ ᠨᠢ ᠣᠭᠣᠰᠣᠷ ᠪᠦᠴᠡ ᠦᠭᠡᠢ ᠤᠷᠲᠤ ᠴᠠᠭᠠᠨ ᠥᠷᠭᠥᠭᠡ ᠭᠡᠷ ᠪᠠᠷᠢᠴᠢᠬᠠᠭᠰᠠᠨ ᠪᠠᠢᠯ᠎ᠠ᠂ ᠡᠪᠦᠭᠡᠨ ᠢ᠋ ᠭᠡᠷ ᠲᠦ᠍ ᠪᠡᠨ ᠣᠷᠣᠭᠤᠯᠤᠭᠠᠳ ᠳᠠᠢᠯᠠᠵᠤ ᠴᠠᠢᠯᠠᠪᠠ᠃      ᠲᠡᠭᠡᠵᠦ ᠲᠡᠭᠡᠵᠦ ᠡᠪᠦᠭᠡᠨ ᠴᠦ᠍ ᠶᠠᠪᠤᠬᠤ ᠤᠤ ᠳᠠ ᠭᠡᠳ ᠪᠣᠰᠲᠠᠯ᠎ᠠ ᠬᠡᠦᠬᠡᠨ᠂
        — ᠵᠠ ᠡᠪᠦᠭᠡᠨ ᠭᠤᠸᠠᠢ᠂ ᠲᠠ ᠭᠡᠷ ᠲᠦ᠍ ᠪᠡᠨ ᠬᠠᠷᠢᠭᠠᠳ ᠬᠦᠷᠡᠭᠴᠢ ᠦᠨᠢᠶ᠎ᠡ ᠰᠠᠭᠠᠷ ᠰᠠᠭᠠᠷ ᠭᠡᠵᠦ ᠬᠡᠯᠡᠭᠡᠷᠡᠢ᠂ ᠲᠡᠭᠡᠬᠦ ᠪᠡᠷ ᠰᠦ ᠨᠢ ᠬᠤᠪᠢᠩ ᠬᠤᠪᠢᠩ ᠢ᠋ᠶ᠋ᠠᠷ ᠠᠰᠬᠠᠷᠠᠨ᠎ᠠ᠂ ᠲᠣᠰᠤᠭᠠᠳ ᠠᠪᠤᠭᠠᠷᠠᠢ ᠭᠡᠳ ᠡᠪᠦᠭᠡᠨ ᠳ᠋ᠦ᠍ ᠨᠢᠭᠡ ᠬᠦᠷᠡᠭᠴᠢ ᠦᠨᠢᠶ᠎ᠡ ᠥᠭᠭᠦᠭᠡᠳ ᠶᠠᠪᠤᠭᠤᠯᠵᠠᠢ᠃
        ᠡᠪᠦᠭᠡᠨ ᠭᠠᠢᠬᠠᠵᠤ ᠭᠠᠢᠬᠠᠵᠤ ᠬᠠᠷᠢᠬᠤ ᠵᠠᠮ ᠳ᠋ᠤ᠌ ᠪᠠᠨ《 ᠬᠦᠷᠡᠭᠴᠢ ᠦᠨᠢᠶ᠎ᠡ ᠰᠠᠭᠠᠷ ᠰᠠᠭᠠᠷ》 ᠭᠡᠰᠡᠨ ᠳ᠋ᠦ᠍ ᠳᠠᠯᠠᠩ ᠠ᠋ᠴᠠ ᠨᠢ ᠤᠴᠢᠷ ᠦᠭᠡᠢ ᠶᠡᠬᠡ ᠰᠦ ᠰᠡᠳ ᠰᠡᠳ ᠠᠰᠬᠠᠷᠠᠵᠤ ᠨᠡᠯᠦᠢᠭᠡᠳ ᠴᠠᠢᠷᠠᠭᠠᠳ ᠪᠠᠭᠤᠬᠤ ᠨᠢ ᠲᠡᠷᠡ ᠠ᠋᠂ ᠡᠪᠦᠭᠡᠨ ᠰᠠᠪᠠ ᠦᠭᠡᠢ ᠶᠠᠪᠤᠭᠰᠠᠨ ᠪᠣᠯᠬᠣᠷ ᠪᠤᠰᠢᠭᠤᠬᠠᠨ ᠦᠨᠢᠶ᠎ᠡ ᠪᠡᠨ ᠲᠠᠭᠤᠵᠤ ᠬᠠᠷᠢᠭᠠᠳ ᠰᠡᠩᠳᠡᠨ ᠮᠡᠩᠳᠡᠨ ᠪᠠᠢᠵᠤ᠂
         — ᠡᠮᠡᠭᠡᠨ᠂ ᠡᠮᠡᠭᠡᠨ ᠠ᠋᠂ ᠰᠠᠪᠠ ᠰᠠᠭᠤᠯᠠᠭ᠎ᠠ ᠪᠠᠨ ᠭᠠᠷᠭᠠᠭᠠᠳ ᠢᠷᠡᠭᠡᠷᠡᠢ᠂ ᠠᠯᠢᠪ ᠪᠤᠰᠢᠭᠤᠯᠠᠭᠠᠷᠠᠢ ᠭᠡᠵᠡᠢ᠃ 
         ᠡᠮᠡᠭᠡᠨ  ᠴᠦ᠍ ᠭᠠᠷᠴᠤ ᠢᠷᠡᠭᠡᠳ ᠰᠠᠪᠠ ᠳᠦᠭᠦᠷᠡᠩ ᠰᠦ ᠰᠠᠭᠠᠵᠤ ᠠᠪᠤᠭᠠᠳ ᠪᠥᠭᠡᠮ ᠪᠠᠶᠠᠷ ᠪᠣᠯᠵᠤ᠂
         — ᠡᠢᠮᠦ ᠰᠠᠢᠬᠠᠨ ᠶᠠᠭᠤᠮ᠎ᠠ ᠪᠠᠢᠳᠠᠭ ᠠ᠋ ᠪᠠᠰᠠ᠂ ᠬᠠᠭᠠᠨ ᠳ᠋ᠤ᠌ ᠪᠠᠨ ᠦᠵᠡᠭᠦᠯᠦᠶ᠎ᠡ ᠪᠠᠢᠵᠠ ᠭᠡᠳ ᠬᠠᠭᠠᠨ ᠤ᠋ ᠥᠷᠭᠥᠭᠡ ᠤᠷᠤᠭᠤ ᠦᠨᠢᠶ᠎ᠡ ᠪᠡᠨ ᠬᠥᠲᠥᠯᠵᠦ ᠣᠳᠪᠠ᠃
         — ᠬᠠᠭᠠᠨ ᠮᠢᠨᠢ᠂ ᠬᠠᠭᠠᠨ ᠮᠢᠨᠢ᠂ ᠬᠠᠲᠤᠨ ᠠᠯᠪᠠᠲᠤ ᠨᠠᠷ ᠲᠠᠢ ᠪᠠᠨ ᠭᠠᠷᠤᠭᠠᠳ ᠢᠷᠡᠭᠡᠷᠡᠢ᠂ ᠬᠠᠴᠢᠨ ᠰᠣᠨᠢᠨ ᠶᠠᠭᠤᠮ᠎ᠠ ᠦᠵᠡᠭᠦᠯᠦᠶ᠎ᠡ ᠭᠡᠪᠡᠰᠦ ᠬᠠᠭᠠᠨ ᠴᠤ᠌ ᠭᠠᠷᠤᠭᠠᠳ ᠢᠷᠡᠵᠦ᠂ ᠡᠮᠡᠭᠡᠨ ᠴᠦ᠍《 ᠬᠦᠷᠡᠭᠴᠢ ᠦᠨᠢᠶ᠎ᠡ ᠰᠠᠭᠠᠷ ᠰᠠᠭᠠᠷ》 ᠭᠡᠬᠦ ᠳ᠋ᠦ᠍᠂ ᠰᠦ ᠨᠢ ᠠᠰᠬᠠᠷᠠᠭᠠᠳ ᠪᠠᠭᠤᠵᠠᠢ᠂ ᠡᠨᠡ ᠶᠡᠬᠡ ᠰᠦ ᠶ᠋ᠢ ᠲᠣᠰᠤᠭᠠᠳ ᠠᠪᠤᠭᠠᠷᠠᠢ᠂ ᠲᠠ ᠮᠢᠨᠢ ᠭᠡᠵᠦ ᠡᠮᠡᠭᠡᠨ ᠳᠠᠭᠤ ᠠᠯᠳᠠᠪᠠ᠂ ᠲᠡᠢᠨ ᠬᠦ᠌ ᠬᠠᠭᠠᠨ ᠤ᠋ ᠰᠠᠩ ᠤ᠋ᠨ ᠬᠠᠮᠤᠭ ᠰᠠᠪᠠ ᠰᠠᠭᠤᠯᠠᠭ᠎ᠠ ᠶ᠋ᠢ ᠰᠦ ᠪᠡᠷ ᠴᠡᠯᠡᠯᠵᠡᠲᠡᠯ᠎ᠡ ᠳᠦᠭᠦᠷᠭᠡᠵᠦ ᠣᠷᠬᠢᠵᠠᠢ᠃
      — ᠡᠢᠮᠦ ᠠᠴᠢᠲᠠᠢ ᠡᠪᠦᠭᠡᠨ ᠪᠠᠢᠳᠠᠭ ᠠ᠋ ᠪᠠᠰᠠ ᠭᠡᠳ ᠬᠠᠭᠠᠨᠲᠠᠨ ᠡᠪᠦᠭᠡᠨ ᠢ᠋ ᠳᠠᠢᠯᠠᠵᠤ ᠴᠡᠢᠯᠡᠵᠦ᠂ ᠰᠠᠷᠬᠤᠳ ᠢ᠋ᠶ᠋ᠠᠷ ᠰᠢᠬᠠᠭᠰᠠᠭᠠᠷ ᠪᠠᠢᠭᠠᠳ ᠰᠣᠭᠲᠣᠭᠠᠵᠤ ᠤᠬᠠᠭᠠᠨ ᠢ᠋ ᠨᠢ ᠠᠯᠳᠠᠭᠤᠯᠤᠭᠠᠳ᠂ ᠦᠨᠢᠶ᠎ᠡ ᠶ᠋ᠢ ᠨᠢ ᠨᠢᠭᠤᠵᠤ ᠥᠪᠡᠷᠲᠡᠭᠡᠨ ᠠᠪᠴᠠᠢ᠂ ᠣᠷᠣᠢ ᠨᠢ ᠡᠪᠦᠭᠡᠨ ᠢ᠋ ᠰᠡᠷᠡᠬᠦ ᠳ᠋ᠦ᠍ ᠥᠭᠡᠷ᠎ᠡ ᠨᠢᠭᠡ ᠬᠦᠷᠡᠭᠴᠢ ᠦᠨᠢᠶ᠎ᠡ ᠥᠭᠭᠦᠭᠡᠳ ᠭᠡᠷ ᠲᠦ᠍ ᠨᠢ ᠬᠠᠷᠢᠭᠤᠯᠵᠠᠢ᠃
          ᠡᠮᠡᠭᠡᠨ ᠬᠠᠷᠢᠭᠠᠳ ᠰᠠᠪᠠ ᠪᠠᠨ ᠠᠪᠴᠤ ᠭᠠᠷᠴᠤ ᠢᠷᠡᠭᠡᠳ《 ᠬᠦᠷᠡᠭᠴᠢ ᠦᠨᠢᠶ᠎ᠡ ᠰᠠᠭᠠᠷ ᠰᠠᠭᠠᠷ》 ᠭᠡᠲᠡᠯ᠎ᠡ ᠰᠦ ᠭᠠᠷᠤᠭᠰᠠᠨ ᠦᠭᠡᠢ᠂ ᠳᠠᠯᠠᠩ ᠢ᠋ ᠨᠢ ᠰᠢᠪᠲᠤᠷᠠᠭᠠᠳ ᠰᠠᠭᠤᠭᠠᠳ ᠯᠠ ᠪᠠᠢᠵᠠᠢ᠂ ᠰᠠᠭᠤᠭᠠᠳ ᠯᠠ ᠪᠠᠢᠵᠠᠢ᠃      ᠠᠷᠪᠢᠲᠠᠢ ᠰᠦ ᠭᠠᠷᠤᠭᠰᠠᠨ ᠦᠭᠡᠢ᠂ ᠡᠨᠡ ᠦᠨᠢᠶᠡᠨ ᠡᠴᠡ ᠶᠠᠭᠤᠮ᠎ᠠ ᠭᠠᠷᠬᠤ ᠪᠠᠨ ᠪᠠᠢᠵᠠᠢ᠂ ᠶᠠᠮᠠᠷ ᠬᠠᠴᠢᠨ ᠶᠤᠮ ᠪᠣᠢ ᠭᠡᠳ ᠡᠮᠡᠭᠡᠨ ᠡᠪᠦᠭᠡᠨ ᠬᠣᠶᠠᠷ ᠨᠥᠬᠥᠭᠡ ᠬᠦᠷᠡᠭᠴᠢ ᠦᠨᠢᠶ᠎ᠡ ᠪᠡᠨ ᠠᠯᠠᠭᠠᠳ ᠢᠳᠡᠴᠢᠬᠡᠵᠡᠢ᠃
          ᠮᠠᠷᠭᠠᠰᠢ ᠨᠢ ᠡᠪᠦᠭᠡᠨ ᠳᠠᠬᠢᠭᠠᠳ ᠦᠨᠡᠭᠡ ᠶ᠋ᠢᠨ ᠳ᠋ᠦ᠍ ᠣᠴᠢᠵᠤ᠂
          — ᠠᠭᠤᠯᠠ ᠶ᠋ᠢᠨ ᠤᠯᠠᠭᠠᠨ ᠦᠨᠡᠭᠡ ᠤᠷᠢᠶ᠎ᠠ ᠤᠷᠢᠶ᠎ᠠ ᠭᠡᠵᠦ ᠳᠠᠭᠤᠳᠠᠲᠠᠯ᠎ᠠ ᠨᠥᠬᠥᠭᠡ ᠬᠡᠦᠬᠡᠨ ᠭᠠᠷᠴᠤ ᠢᠷᠡᠭᠡᠳ᠂ ᠳᠠᠢᠯᠠᠵᠤ ᠴᠡᠢᠯᠡᠵᠦ ᠨᠢᠭᠡ ᠳᠤᠭᠤᠢ ᠥᠭᠭᠦᠭᠡᠳ᠂
          — ᠲᠡᠭᠡᠷᠮ᠎ᠡ ᠲᠡᠭᠡᠷᠮ᠎ᠡ ᠭᠡᠵᠦ ᠬᠡᠯᠡᠭᠡᠷᠡᠢ᠂ ᠲᠡᠷᠭᠡ ᠲᠡᠷᠭᠡ ᠪᠡᠷ ᠪᠤᠳᠠᠭ᠎ᠠ ᠭᠤᠯᠢᠷ ᠭᠠᠷᠳᠠᠭ ᠶᠤᠮ ᠭᠡᠵᠦ ᠭᠡᠨ᠎ᠡ᠂ ᠭᠡᠷ ᠲᠦ᠍ ᠪᠡᠨ ᠬᠠᠷᠢᠬᠤ ᠵᠠᠮ ᠳ᠋ᠤ᠌ ᠪᠠᠨ ᠡᠪᠦᠭᠡᠨ ᠳᠠᠰᠤᠯ ᠦᠭᠡᠢ《 ᠲᠡᠭᠡᠷᠮ᠎ᠡ ᠲᠡᠭᠡᠷᠮ᠎ᠡ》 ᠭᠡᠳ ᠬᠡᠯᠡᠵᠦ ᠣᠷᠬᠢᠲᠠᠯ᠎ᠠ ᠤᠴᠢᠷ ᠦᠭᠡᠢ ᠶᠡᠬᠡ ᠪᠤᠳᠠᠭ᠎ᠠ ᠱᠠᠷ ᠱᠠᠷ ᠬᠢᠨ ᠠᠰᠬᠠᠷᠠᠪᠠ ᠭᠡᠨ᠎ᠡ᠃   ᠪᠤᠰᠢᠭᠤᠬᠠᠨ ᠬᠠᠷᠢᠭᠠᠳ ᠡᠮᠡᠭᠡᠨ ᠢ᠋ᠶ᠋ᠡᠨ ᠰᠠᠨᠳᠤᠷᠤᠨ ᠳᠠᠭᠤᠳᠠᠵᠤ ᠬᠠᠮᠤᠭ ᠰᠠᠪᠠ ᠰᠠᠭᠤᠯᠠᠭ᠎ᠠ ᠳ᠋ᠤ᠌ ᠪᠠᠨ ᠲᠠᠷᠢᠶ᠎ᠠ ᠪᠤᠳᠠᠭ᠎ᠠ ᠳᠦᠭᠦᠷᠭᠡᠵᠦ ᠢᠳᠡᠬᠦ ᠤᠤᠭᠤᠬᠤ ᠪᠠᠷ ᠡᠯᠪᠡᠭ ᠳᠡᠯᠪᠡᠭ ᠰᠠᠭᠤᠬᠤ ᠪᠣᠯᠵᠠᠢ᠂ ᠲᠡᠭᠡᠭᠡᠳ ᠨᠢᠭᠡ ᠡᠳᠦᠷ ᠲᠡᠭᠡᠷᠮ᠎ᠡ ᠪᠡᠨ ᠬᠠᠭᠠᠨ ᠳ᠋ᠤ᠌ ᠪᠠᠨ ᠦᠵᠡᠭᠦᠯᠦᠮᠡᠷ ᠰᠠᠨᠠᠭᠳᠠᠭᠠᠳ ᠪᠣᠯᠳᠠᠭ ᠦᠭᠡᠢ ᠠᠪᠴᠤ ᠣᠴᠢᠲᠠᠯ᠎ᠠ᠂ ᠠᠴᠢ ᠪᠤᠶᠠᠨ ᠢ᠋ ᠨᠢ ᠳᠠᠭᠤᠳᠠᠵᠤ ᠢᠳᠡᠭᠡ ᠪᠤᠳᠠᠭ᠎ᠠ ᠲᠠᠯᠪᠢᠵᠤ ᠶᠡᠬᠡ ᠯᠡ ᠬᠦᠨᠳᠦᠯᠡᠨ ᠳᠠᠢᠯᠠᠵᠤ ᠪᠠᠰᠠ ᠯᠠ ᠰᠣᠭᠲᠣᠭᠠᠵᠤ ᠣᠷᠬᠢᠪᠠ᠂ ᠲᠡᠭᠡᠭᠡᠳ ᠰᠠᠩ ᠢ᠋ᠶ᠋ᠠᠨ ᠲᠠᠷᠢᠶ᠎ᠠ ᠪᠤᠳᠠᠭ᠎ᠠ ᠪᠠᠷ ᠰᠠᠢᠬᠠᠨ ᠳᠦᠭᠦᠷᠭᠡᠵᠦ ᠠᠪᠴᠢᠬᠠᠭᠠᠳ ᠡᠪᠦᠭᠡᠨ ᠳ᠋ᠦ᠍ ᠥᠭᠡᠷ᠎ᠡ ᠨᠢᠭᠡ ᠳᠤᠭᠤᠢ ᠥᠭᠭᠦᠭᠡᠳ ᠭᠡᠷ ᠤᠷᠤᠭᠤ ᠨᠢ ᠶᠠᠪᠤᠭᠤᠯᠵᠠᠢ᠂ ᠡᠪᠦᠭᠡᠨ ᠬᠠᠷᠢᠵᠤ ᠢᠷᠡᠭᠰᠡᠨ ᠦ᠌ ᠪᠡᠨ ᠮᠠᠷᠭᠠᠰᠢ ᠲᠡᠭᠡᠷᠮ᠎ᠡ ᠳ᠋ᠦ᠍ ᠪᠡᠨ ᠨᠥᠭᠥᠭᠡ ᠦᠭᠡ ᠪᠡᠨ ᠬᠡᠯᠡᠲᠡᠯ᠎ᠡ ᠰᠢᠷᠬᠡᠭ ᠴᠦ᠍ ᠪᠤᠳᠠᠭ᠎ᠠ ᠭᠠᠷᠤᠭᠰᠠᠨ ᠦᠭᠡᠢ᠂ ᠲᠡᠭᠡᠭᠡᠳ ᠲᠡᠭᠡᠷᠮ᠎ᠡ ᠪᠡᠨ ᠬᠡᠮᠬᠡ ᠴᠣᠬᠢᠭᠠᠳ ᠪᠣᠯᠴᠢᠬᠠᠵᠠᠢ᠃
       ᠮᠠᠷᠭᠠᠰᠢ ᠨᠢ ᠳᠠᠬᠢᠭᠠᠳ ᠦᠨᠡᠭᠡ ᠶ᠋ᠢᠨ ᠳ᠋ᠦ᠍ ᠣᠴᠢᠬᠤ ᠪᠠᠷ ᠡᠪᠦᠭᠡᠨ ᠠᠭᠤᠯᠠᠨ ᠳ᠋ᠤ᠌ ᠭᠠᠷᠴᠤ ᠭᠡᠨ᠎ᠡ᠂ ᠦᠨᠡᠭᠡ ᠪᠠᠰᠠ ᠳᠠᠢᠯᠠᠵᠤ ᠴᠡᠢᠯᠡᠵᠦ ᠬᠦᠨᠳᠦᠯᠡᠭᠡᠳ ᠨᠢᠭᠡ ᠡᠷᠢᠶᠡᠨ ᠮᠣᠳᠣ ᠪᠠᠷᠢᠭᠤᠯᠤᠭᠠᠳ᠂
       — ᠡᠷᠢᠶᠡᠨ ᠮᠣᠳᠣ ᠵᠣᠲᠣ ᠵᠣᠲᠣ ᠭᠡᠵᠦ ᠬᠡᠯᠡᠭᠡᠷᠡᠢ ᠭᠡᠵᠦ ᠵᠠᠬᠢᠵᠤ ᠵᠠᠬᠢᠵᠤ ᠶᠠᠪᠤᠭᠤᠯᠵᠠᠢ᠃  
       ᠡᠪᠦᠭᠡᠨ ᠭᠡᠷ ᠲᠦ᠍ ᠪᠡᠨ ᠬᠠᠷᠢᠵᠤ ᠢᠷᠡᠭᠡᠳ᠂
       — ᠡᠷᠢᠶᠡᠨ ᠮᠣᠳᠣ ᠵᠣᠲᠣ ᠵᠣᠲᠣ ᠭᠡᠲᠡᠯ᠎ᠡ ᠨᠥᠭᠥᠭᠡ ᠮᠣᠳᠣ ᠨᠢ ᠡᠮᠡᠭᠡᠨ ᠢ᠋ ᠤᠨᠠᠵᠤ ᠲᠤᠰᠲᠠᠯ᠎ᠠ ᠨᠢ ᠴᠣᠬᠢᠵᠤ ᠭᠠᠷᠬᠤ ᠨᠢ ᠲᠡᠷᠡ᠃
        ᠡᠮᠡᠭᠡᠨ ᠨᠢ ᠠᠷᠠᠢ ᠭᠡᠵᠦ ᠵᠠᠢᠯᠠᠵᠤ ᠬᠣᠯᠠᠳᠠᠭᠠᠳ᠂
       — ᠭᠠᠢ ᠲᠠᠢ ᠲᠦᠢ ᠲᠡᠢ ᠶᠠᠭᠤᠮ᠎ᠠ ᠭᠠᠵᠠᠷ ᠤ᠋ᠨ ᠬᠠᠮᠢᠭ᠎ᠠ ᠠ᠋ᠴᠠ ᠣᠯᠤᠭᠠᠳ ᠢᠷᠡᠪᠡ ᠭᠡᠵᠦ ᠬᠠᠰᠬᠢᠷᠤᠭᠰᠠᠭᠠᠷ ᠭᠡᠷ ᠲᠦ᠍ ᠪᠡᠨ ᠣᠷᠣᠭᠠᠳ ᠡᠭᠦᠳᠡ ᠪᠡᠨ ᠬᠠᠭᠠᠴᠢᠬᠠᠪᠠ᠂ ᠲᠡᠭᠡᠬᠦ ᠪᠡᠷ ᠨᠢ ᠡᠪᠦᠭᠡᠨ ᠪᠠᠰᠠ ᠬᠠᠭᠠᠨ ᠤ᠋ ᠦᠷᠭᠦᠭᠡᠨ ᠳ᠋ᠦ᠍ ᠣᠴᠢᠵᠤ ᠬᠠᠭᠠᠨ᠂ ᠬᠠᠲᠤᠨ ᠢ᠋ ᠠᠯᠪᠠᠲᠤ ᠨᠠᠷ ᠲᠠᠢ ᠨᠢ ᠳᠠᠭᠤᠳᠠᠵᠤ ᠭᠠᠷᠭᠠᠭᠠᠳ᠂
        — ᠡᠷᠢᠶᠡᠨ ᠮᠣᠳᠣ ᠵᠣᠲᠣ ᠵᠣᠲᠣ ᠭᠡᠲᠡᠯ᠎ᠡ ᠬᠠᠭᠠᠨ ᠢ᠋ ᠨᠦᠳᠦᠵᠦ ᠭᠠᠷᠤᠯ᠎ᠠ᠂ ᠪᠦᠷ ᠶᠠᠰᠤ ᠶ᠋ᠢ ᠨᠢ ᠶᠠᠩᠭᠢᠨᠠᠲᠠᠯ᠎ᠠ ᠨᠢᠳᠦ ᠶ᠋ᠢ ᠨᠢ ᠬᠠᠷᠠᠩᠭᠤᠢᠯᠠᠲᠠᠯ᠎ᠠ ᠳᠡᠯᠡᠰᠴᠦ ᠨᠦᠳᠦᠵᠦ ᠭᠡᠨ᠎ᠡ᠂ ᠰᠡᠭᠦᠯ ᠳ᠋ᠦ᠍ ᠪᠡᠨ ᠬᠦᠷᠦᠨ ᠦ᠌ ᠬᠠᠭᠠᠨ ᠲᠡᠰᠬᠦ ᠪᠡᠨ ᠪᠠᠢᠭᠠᠳ《 ᠪᠣᠯᠢ ᠂ᠪᠣᠯᠢ! ᠡᠨᠡ ᠮᠣᠳᠣ ᠪᠠᠨ ᠲᠠᠲᠠᠵᠤ ᠬᠠᠢᠷᠠᠯᠠ᠂ ᠦᠨᠢᠶ᠎ᠡ᠂ ᠲᠡᠭᠡᠷᠮ᠎ᠡ ᠶ᠋ᠢᠨ ᠳᠤᠭᠤᠢ ᠬᠣᠶᠠᠷ ᠢ᠋ ᠴᠢᠨᠢ ᠣᠳᠣᠬᠠᠨ ᠥᠭᠭᠦᠶ᠎ᠡ᠂ ᠶᠠᠰᠤ ᠶᠠᠢᠷᠠᠭᠤᠯᠬᠤ ᠨᠢ》 ᠭᠡᠵᠦ ᠬᠡᠯᠡᠵᠦ ᠪᠢᠯᠡ᠂ ᠡᠪᠦᠭᠡᠨ  ᠴᠦ᠍ ᠥᠪᠡᠷ ᠦ᠋ᠨ ᠶᠠᠭᠤᠮ᠎ᠠ ᠪᠠᠨ ᠠᠪᠤᠭᠠᠳ ᠭᠡᠷ ᠲᠦ᠍ ᠪᠡᠨ ᠬᠠᠷᠢᠵᠤ ᠠᠮᠤᠷ ᠰᠠᠢᠬᠠᠨ ᠳ᠋ᠤ᠌ ᠪᠠᠨ ᠵᠢᠷᠭᠠᠵᠠᠢ᠃
            
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠳᠠᠯᠠᠨᠲᠠᠢ᠂ ᠠᠯᠲᠠᠨᠴᠢᠮᠡᠭ᠂ ᠵᠢᠷᠠᠨᠲᠠᠢ