ᠱᠠᠭᠠᠵᠠᠭᠠᠢ ᠳᠡᠪᠡᠯ ᠲᠡᠢ ᠬᠦᠦШаазгай дээлтэй хүү
ᠱᠠᠭᠠᠵᠠᠭᠠᠢ ᠳᠡᠪᠡᠯ ᠲᠡᠢ ᠬᠦᠦ
ᠭᠠᠳᠠᠭᠠᠳᠤ ᠳᠠᠯᠠᠢ ᠶ᠋ᠢ ᠪᠠᠯᠴᠢᠭ ᠪᠠᠢᠬᠤ ᠳ᠋ᠤ᠌
ᠭᠠᠯᠪᠠᠷᠠᠨᠽᠠ ᠽᠠᠨᠳᠠᠨ ᠮᠣᠳᠣ ᠶ᠋ᠢ
ᠭᠠᠭᠴᠠ ᠰᠠᠪᠠᠭᠠᠨ ᠨᠠᠢᠯᠵᠠᠭᠤᠷ ᠪᠠᠢᠬᠤ ᠳ᠋ᠤ᠌
ᠠᠶᠠᠭ᠎ᠠ ᠶ᠋ᠢᠨ ᠴᠢᠨᠡᠭᠡ ᠨᠠᠷᠠᠨ
ᠠᠯᠲᠠᠨ ᠳᠡᠯᠡᠬᠡᠢ ᠳ᠋ᠦ᠍ ᠠᠩᠬ᠎ᠠ ᠮᠠᠨᠳᠤᠵᠤ ᠪᠠᠢᠬᠤ ᠳ᠋ᠤ᠌
ᠠᠴᠢᠲᠤ ᠪᠤᠭᠤᠷᠤᠯ ᠡᠵᠢ ᠲᠡᠢ ᠪᠡᠨ ᠨᠢᠭᠡᠨ ᠬᠥᠪᠡᠭᠦᠨ ᠠᠮᠢᠳᠤᠷᠠᠨ ᠰᠠᠭᠤᠳᠠᠭ ᠪᠠᠢᠵᠤ ᠭᠡᠨ᠎ᠡ᠃ ᠲᠡᠭᠡᠭᠡᠳ ᠲᠡᠷᠡ ᠬᠦᠦ ᠡᠮᠡᠭᠡᠨ ᠡᠪᠦᠭᠡᠨ ᠬᠣᠶᠠᠷ ᠤ᠋ᠨ ᠭᠡᠷ ᠨᠡᠪᠲᠡ ᠭᠡᠷᠡᠯ ᠲᠡᠢ ᠭᠡᠭᠡᠨ ᠰᠠᠢᠬᠠᠨ ᠴᠢᠷᠠᠢ ᠲᠠᠢ᠂
ᠲᠤᠭᠤᠷᠭ᠎ᠠ ᠨᠡᠪᠲᠡ ᠭᠡᠷᠡᠯ ᠲᠡᠢ ᠲᠤᠩᠭᠠᠯᠠᠭ ᠰᠠᠢᠬᠠᠨ ᠵᠢᠰᠦ ᠲᠡᠢ ᠪᠦᠰᠡᠭᠦᠢ ᠶ᠋ᠢ ᠡᠬᠡᠨᠡᠷ ᠪᠣᠯᠭᠠᠨ ᠠᠪᠴᠤ ᠠᠮᠢᠳᠤᠷᠠᠨ ᠰᠠᠭᠤᠵᠠᠢ᠃
ᠦᠵᠡᠰᠬᠦᠯᠡᠩᠲᠦ ᠡᠬᠡᠨᠡᠷ ᠨᠢ ᠬᠠᠷᠢᠨ《 ᠴᠢ ᠭᠡᠬᠦ ᠠᠯᠪᠠᠲᠤ ᠦᠭᠡᠢ᠂ ᠴᠠ ᠭᠡᠬᠦ ᠮᠠᠯ ᠦᠭᠡᠢ ᠪᠢᠳᠡ ᠬᠣᠶᠠᠷ ᠶᠠᠭᠠᠬᠢᠵᠤ ᠢᠩᠭᠢᠵᠦ ᠶᠠᠳᠠᠮᠠᠭ ᠵᠦᠳᠡᠮᠡᠭ ᠠᠮᠢᠳᠤᠷᠠᠬᠤ ᠪᠣᠢ᠂ ᠶᠠᠪᠤᠵᠤ ᠨᠢᠭᠡ ᠠᠵᠢᠯ ᠲᠥᠷᠥᠯ ᠬᠢᠵᠦ ᠠᠮᠢᠨ ᠵᠢᠭᠤᠯᠭ᠎ᠠ ᠪᠠᠨ ᠵᠣᠯᠭᠠᠭᠤᠯᠲᠤᠭᠠᠢ》 ᠭᠡᠵᠦ ᠨᠥᠬᠥᠷ ᠲᠤ ᠪᠡᠨ ᠬᠡᠯᠡᠳᠡᠭ ᠶᠤᠮᠰᠠᠨᠵᠠᠢ᠂ ᠭᠡᠲᠡᠯ᠎ᠡ ᠨᠥᠬᠥᠷ ᠨᠢ《 ᠵᠠ ᠲᠡᠭᠡᠪᠡᠯ ᠴᠢ ᠨᠠᠳᠠ ᠳ᠋ᠤ᠌ ᠵᠢᠷᠤᠭ ᠢ᠋ᠶ᠋ᠠᠨ ᠪᠦᠲᠦᠭᠡᠯᠭᠡᠵᠦ ᠥᠭ᠂ ᠵᠢᠷᠤᠭ ᠢ᠋ ᠴᠢᠨᠢ ᠡᠪᠦᠷᠳᠦᠯᠡᠭᠡᠳ ᠶᠠᠪᠤᠪᠠᠰᠤ ᠬᠠᠮᠢᠭ᠎ᠠ ᠴᠤ᠌ ᠶᠠᠮᠠᠷ ᠴᠤ᠌ ᠠᠵᠢᠯ ᠬᠢᠵᠦ ᠶᠠᠪᠤᠭᠰᠠᠨ ᠴᠤ᠌ ᠶᠠᠭᠠᠬᠢᠬᠤ ᠪᠣᠢ》 ᠭᠡᠵᠦ ᠭᠡᠨ᠎ᠡ᠂ ᠡᠬᠡᠨᠡᠷ ᠨᠢ ᠵᠢᠷᠤᠭ ᠢ᠋ᠶ᠋ᠠᠨ ᠪᠦᠳᠦᠭᠡᠯᠭᠡᠵᠦ ᠥᠭᠪᠡ᠃
ᠲᠡᠭᠡᠩᠭᠦᠲᠡ ᠨᠥᠬᠥᠷ ᠨᠢ ᠬᠣᠯᠠ ᠣᠢᠷ᠎ᠠ ᠶᠠᠪᠤᠵᠤ ᠬᠣᠨᠣᠭ ᠡᠳᠦᠷ ᠦ᠋ᠨ ᠭᠠᠵᠠᠷ ᠢ᠋ ᠬᠡᠷᠡᠵᠦ ᠬᠠᠪᠢ ᠶ᠋ᠢᠨ ᠬᠥᠮᠦᠨ ᠲᠡᠢ ᠤᠴᠠᠷᠠᠵᠤ ᠬᠠᠷ᠎ᠠ ᠪᠣᠷᠣ ᠠᠵᠢᠯ ᠬᠢᠵᠦ ᠡᠬᠢᠯᠡᠵᠡᠢ᠂ ᠲᠡᠭᠡᠭᠡᠳ ᠨᠢᠭᠡ ᠡᠳᠦᠷ ᠡᠬᠡᠨᠡᠷ ᠢ᠋ᠶ᠋ᠡᠨ ᠰᠠᠨᠠᠭᠠᠳ ᠡᠯᠢᠭᠡ ᠵᠢᠷᠦᠬᠡ ᠨᠢ ᠡᠭᠰᠢᠭᠡᠳ ᠵᠢᠷᠤᠭ ᠢ᠋ ᠬᠠᠷᠠᠭᠠᠳ ᠰᠠᠭᠤᠵᠤ ᠪᠠᠢᠲᠠᠯ᠎ᠠ ᠰᠠᠯᠬᠢ ᠰᠡᠷ ᠰᠡᠷ ᠬᠢᠭᠡᠳ ᠰᠠᠭᠠᠬᠠᠯᠲᠠ ᠶ᠋ᠢᠨ ᠭᠠᠵᠠᠷ ᠬᠡᠢᠰᠬᠡᠵᠦ ᠣᠳᠪᠠ ᠭᠡᠨ᠎ᠡ᠂ ᠠᠷᠤ ᠠ᠋ᠴᠠ ᠨᠢ ᠭᠦᠶᠦᠭᠡᠳ ᠠᠪᠴᠤ ᠡᠰᠡ ᠴᠢᠳᠠᠪᠠ᠃
ᠭᠡᠲᠡᠯ᠎ᠡ ᠨᠢᠭᠡ ᠭᠥᠷᠥᠭᠡᠴᠢᠨ ᠠᠷᠤ ᠶ᠋ᠢᠨ ᠠᠭᠤᠯᠠ ᠶ᠋ᠢ ᠠᠷᠤᠯᠠᠨ ᠥᠪᠥᠷ ᠦ᠋ᠨ ᠠᠭᠤᠯᠠ ᠶ᠋ᠢ ᠥᠪᠥᠷᠯᠡᠨ ᠠᠩ ᠭᠥᠷᠥᠭᠡ ᠬᠥᠭᠡᠭᠡᠵᠦ ᠶᠠᠪᠤᠭᠠᠳ ᠠᠪᠠᠭᠠᠢ ᠶ᠋ᠢᠨ ᠬᠢ ᠨᠢ ᠨᠥᠬᠥᠭᠡ ᠵᠢᠷᠤᠭ ᠢ᠋ ᠣᠯᠤᠭᠠᠳ ᠠᠪᠴᠠᠢ᠂ ᠬᠠᠩᠭᠠᠢ ᠶ᠋ᠢᠨ ᠬᠡᠰᠢᠭ ᠢ᠋ᠶ᠋ᠡᠷ ᠪᠣᠯᠭᠠᠳᠠᠭ ᠬᠠᠷᠠᠴᠤ ᠨᠠᠳᠠ ᠳ᠋ᠤ᠌ ᠬᠠᠮᠢᠶ᠎ᠠ ᠶᠠᠭᠤᠨ ᠭᠡᠳ ᠬᠡᠭᠡᠷ᠎ᠡ ᠡᠴᠡ ᠣᠯᠤᠭᠰᠠᠨ ᠨᠥᠬᠥᠭᠡ ᠬᠡᠦᠬᠡᠨ ᠦ᠌ ᠵᠢᠷᠤᠭ ᠢ᠋ᠶ᠋ᠠᠨ ᠬᠠᠭᠠᠨ ᠳ᠋ᠤ᠌ ᠪᠠᠨ ᠠᠪᠠᠴᠢᠵᠤ ᠡᠷᠭᠦᠪᠡ᠃
ᠬᠠᠭᠠᠨ ᠵᠢᠷᠤᠭ ᠢ᠋ ᠬᠠᠷᠠᠵᠤ ᠬᠠᠷᠠᠵᠤ᠂
— ᠪᠢ ᠡᠨᠡ ᠬᠡᠦᠬᠡᠨ ᠢ᠋ ᠬᠠᠲᠤᠨ ᠢ᠋ᠶ᠋ᠠᠨ ᠪᠣᠯᠭᠠᠵᠤ ᠠᠪᠤᠨ᠎ᠠ᠂ ᠬᠠᠮᠢᠭ᠎ᠠ ᠪᠠᠢᠭ᠎ᠠ ᠭᠠᠵᠠᠷ ᠠ᠋ᠴᠠ ᠨᠢ ᠣᠯᠵᠤ ᠮᠢᠨᠦ ᠦᠷᠭᠦᠭᠡᠨ ᠳ᠋ᠦ᠍ ᠠᠪᠴᠢᠷᠠᠲᠤᠭᠠᠢ᠂ ᠡᠰᠡ ᠠᠪᠴᠢᠷᠠᠪᠠᠰᠤ ᠬᠠᠷ᠎ᠠ ᠲᠣᠯᠣᠭᠠᠢ ᠶ᠋ᠢ ᠴᠢᠨᠢ ᠠᠪᠤᠨ᠎ᠠ ᠭᠡᠵᠦ ᠭᠡᠨ᠎ᠡ᠂ ᠠᠩᠴᠢᠨ ᠡᠷ᠎ᠡ ᠴᠦ᠍ ᠠᠷᠭ᠎ᠠ ᠦᠭᠡᠢ ᠶᠢᠨ ᠡᠷᠬᠡᠨ ᠳ᠋ᠦ᠍ ᠬᠠᠮᠰᠠᠭ᠎ᠠ ᠨᠥᠬᠥᠳ ᠢ᠋ᠶ᠋ᠡᠨ ᠳᠠᠭᠠᠭᠤᠯᠵᠤ ᠬᠡᠭᠡᠷ᠎ᠡ ᠬᠣᠨᠣᠵᠤ ᠬᠡᠴᠡ ᠳᠡᠷᠡᠯᠡᠵᠦ ᠶᠠᠪᠤᠭᠰᠠᠭᠠᠷ ᠨᠥᠬᠥᠭᠡ ᠬᠡᠦᠬᠡᠨ ᠦ᠌ ᠭᠡᠷ ᠢ᠋ ᠣᠯᠤᠭᠠᠳ ᠣᠴᠢᠵᠠᠢ᠂ ᠭᠡᠷ ᠲᠤ ᠨᠢ ᠣᠷᠣᠲᠠᠯ᠎ᠠ ᠨᠥᠬᠥᠷ ᠨᠢ ᠡᠵᠡᠭᠦᠢ ᠭᠠᠭᠴᠠᠭᠠᠷ ᠢ᠋ᠶ᠋ᠠᠨ ᠰᠠᠭᠤᠵᠤ ᠪᠠᠢᠬᠤ ᠶᠤᠮ᠃
ᠠᠰᠢᠭᠦᠢ ᠭᠡᠳ ᠨᠥᠭᠥᠭᠡ ᠬᠡᠦᠬᠡᠨ ᠢ᠋ ᠠᠪᠤᠭᠠᠳ ᠣᠳᠴᠠᠢ᠃ ᠪᠠᠯᠠᠮᠠᠭᠳᠠᠵᠤ ᠰᠠᠨᠳᠤᠷᠤᠭᠰᠠᠨ ᠬᠡᠦᠬᠡᠨ ᠪᠠᠷᠠᠭᠤᠨ ᠭᠠᠷ ᠤ᠋ᠨ ᠢ᠋ᠶ᠋ᠠᠨ ᠡᠷᠡᠬᠡᠢ ᠬᠤᠷᠤᠭᠤ ᠶ᠋ᠢ ᠬᠠᠭᠠᠯᠤᠨ ᠴᠢᠰᠤ ᠪᠠᠷ ᠢ᠋ᠶ᠋ᠠᠨ ᠨᠥᠬᠥᠷ ᠲᠤ ᠪᠡᠨ ᠵᠠᠬᠢᠶ᠎ᠠ ᠪᠢᠴᠢᠵᠦ ᠣᠷᠬᠢᠪᠠ᠂ ᠨᠥᠬᠥᠷ ᠨᠢ ᠭᠡᠷ ᠲᠤ ᠪᠡᠨ ᠢᠷᠡᠲᠡᠯ᠎ᠡ ᠣᠷᠣᠨ ᠭᠡᠷ ᠨᠢ ᠤᠨᠳᠤᠢ ᠰᠤᠨᠳᠤᠢ᠂ ᠡᠬᠡᠨᠡᠷ ᠨᠢ ᠡᠵᠡᠭᠦᠢ ᠪᠠᠢᠯ᠎ᠠ᠂ ᠰᠢᠩᠬᠤᠨ ᠤᠯᠠᠭᠠᠨ ᠴᠢᠰᠤ ᠪᠠᠷ ᠢ᠋ᠶ᠋ᠠᠨ ᠰᠠᠨᠳᠤᠷᠤᠨ ᠲᠠᠲᠠᠯᠠᠭᠰᠠᠨ ᠵᠠᠬᠢᠶ᠎ᠠ ᠶ᠋ᠢ ᠣᠯᠵᠤ ᠤᠩᠰᠢᠪᠠᠰᠤ
《ᠴᠢ ᠱᠠᠭᠠᠵᠠᠭᠠᠢ ᠠᠯᠠᠵᠤ ᠳᠡᠪᠡᠯ ᠬᠢᠵᠦ ᠡᠮᠦᠰᠦᠭᠡᠳ ᠠᠷᠤ ᠠ᠋ᠴᠠ ᠣᠴᠢᠭᠠᠷᠠᠢ》 ᠭᠡᠰᠡᠨ ᠪᠠᠢᠯ᠎ᠠ᠃
ᠡᠬᠡᠨᠡᠷ ᠢ᠋ᠶ᠋ᠡᠨ ᠠᠯᠳᠠᠵᠤ ᠪᠡᠲᠡᠭᠢᠷᠡᠭᠰᠡᠨ ᠡᠷ᠎ᠡ ᠠᠯᠠᠭ ᠪᠤᠯᠠᠭ ᠵᠢᠰᠦ ᠲᠡᠢ᠂ ᠠᠢᠯ ᠤ᠋ᠨ ᠭᠠᠳᠠᠭᠤᠷ ᠶᠠᠪᠤᠳᠠᠯ ᠲᠠᠢ ᠱᠠᠭᠠᠵᠠᠭᠠᠢ ᠪᠠᠬᠠᠨ ᠢ᠋ ᠠᠯᠠᠵᠤ ᠳᠡᠪᠡᠯ ᠬᠢᠵᠦ ᠡᠮᠦᠰᠦᠭᠡᠳ ᠠᠪᠠᠭᠠᠢ ᠶ᠋ᠢᠨ ᠢ᠋ᠶ᠋ᠡᠨ ᠠᠷᠤ ᠠ᠋ᠴᠠ ᠰᠡᠩᠳᠡ ᠮᠡᠩᠳᠡ ᠮᠣᠷᠳᠠᠵᠤ ᠭᠡᠨ᠎ᠡ᠃
ᠶᠠᠪᠤᠭᠠᠳ ᠯᠠ ᠪᠠᠢᠵᠠᠢ᠂ ᠶᠠᠪᠤᠭᠠᠳ ᠯᠠ ᠪᠠᠢᠵᠠᠢ᠂ ᠲᠡᠭᠡᠵᠦ ᠲᠡᠭᠡᠵᠦ ᠬᠠᠭᠠᠨ ᠤ᠋ ᠦᠷᠭᠦᠭᠡᠨ ᠦ᠌ ᠡᠮᠦᠨ᠎ᠡ ᠬᠦᠷᠴᠦ ᠢᠷᠡᠭᠡᠳ ᠤᠷᠳᠤᠭᠤᠷ ᠨᠢ ᠤᠷᠤᠭᠰᠢ ᠬᠣᠢᠰᠢ ᠠᠯᠬᠤᠵᠤ ᠭᠠᠷᠴᠤ ᠭᠡᠨ᠎ᠡ᠃
ᠬᠠᠭᠠᠨ ᠤ᠋ ᠬᠠᠲᠤᠨ ᠪᠣᠯᠤᠭᠰᠠᠨ ᠡᠬᠡᠨᠡᠷ ᠨᠢ ᠪᠠᠷ᠎ᠠ ᠶ᠋ᠢ ᠨᠢ ᠬᠠᠷᠠᠭᠠᠳ᠂ ᠠᠯᠠᠭ ᠡᠷᠢᠶᠡᠨ ᠳᠡᠪᠡᠯ ᠢ᠋ ᠨᠢ ᠦᠵᠡᠭᠡᠳ ᠮᠠᠩᠨᠠᠢ ᠲᠡᠨᠢᠢᠨ ᠪᠠᠶᠠᠷᠯᠠᠵᠤ ᠢᠨᠢᠶᠡᠵᠦ ᠬᠥᠭᠡᠷᠴᠦ ᠭᠠᠷᠴᠠᠢ᠂ ᠬᠠᠭᠠᠨ ᠤ᠋ ᠦᠷᠭᠦᠭᠡᠨ ᠳ᠋ᠦ᠍ ᠢᠷᠡᠭᠰᠡᠨ ᠡᠴᠡ ᠪᠡᠨ ᠬᠣᠢᠰᠢ ᠦᠭᠡ ᠳᠤᠤᠭᠠᠷᠤᠭ᠎ᠠ ᠦᠭᠡᠢ᠂ ᠢᠨᠢᠶᠡᠵᠦ ᠦᠵᠡᠭᠡ ᠦᠭᠡᠢ ᠬᠠᠲᠤᠨ ᠨᠢ ᠪᠡᠶᠡᠰᠴᠦ ᠬᠥᠭᠡᠷᠬᠦ ᠶ᠋ᠢ ᠬᠠᠷᠠᠭᠠᠳ ᠬᠠᠭᠠᠨ᠂
— ᠮᠠᠨ ᠤ᠋ ᠬᠠᠲᠤᠨ ᠪᠡᠶᠡᠰᠴᠦ ᠬᠥᠭᠡᠷᠳᠡᠭ ᠨᠢ ᠶᠠᠮᠠᠷ ᠪᠡᠯᠭᠡ ᠲᠠᠢ ᠶᠤᠮ ᠪᠣᠢ ᠭᠡᠳ ᠨᠥᠭᠥᠭᠡ ᠡᠷ᠎ᠡ ᠶ᠋ᠢᠨ ᠱᠠᠭᠠᠵᠠᠭᠠᠢ ᠠᠯᠠᠭ ᠳᠡᠪᠡᠯ ᠢ᠋ ᠠᠪᠴᠤ ᠡᠮᠦᠰᠬᠦ ᠪᠡᠷ ᠪᠣᠯᠪᠠ᠃
ᠲᠡᠢᠨ ᠬᠦ᠌ ᠱᠠᠭᠠᠵᠠᠭᠠᠢ ᠠᠯᠠᠭ ᠳᠡᠪᠡᠯ ᠡᠮᠦᠰᠦᠭᠡᠳ ᠱᠠᠯ ᠥᠭᠡᠷ᠎ᠡ ᠬᠥᠮᠦᠨ ᠰᠢᠭ ᠪᠣᠯᠤᠭᠰᠠᠨ ᠬᠠᠭᠠᠨᠲᠠᠨ ᠵᠠᠬ᠎ᠠ ᠵᠡᠭᠡᠯᠢ ᠶ᠋ᠢᠨ ᠭᠠᠵᠠᠷ ᠢ᠋ᠶ᠋ᠠᠷ ᠡᠯᠳᠡᠪ ᠢ᠋ ᠰᠣᠨᠢᠷᠬᠠᠬᠣ ᠪᠠᠷ ᠣᠳᠴᠠᠢ᠃
ᠲᠡᠷᠡ ᠬᠣᠭᠣᠷᠣᠨᠳᠣ ᠨᠥᠬᠥᠭᠡ ᠬᠡᠦᠬᠡᠨ ᠨᠥᠬᠥᠷ ᠢ᠋ᠶ᠋ᠡᠨ ᠬᠠᠭᠠᠨ ᠤ᠋ ᠬᠤᠪᠴᠠᠰᠤ ᠪᠠᠷ ᠥᠪᠴᠢ ᠪᠦᠷᠢᠨ ᠬᠤᠪᠴᠠᠰᠤᠯᠠᠵᠤ ᠥᠷᠭᠡᠨ ᠰᠡᠩᠲᠡᠢ ᠳ᠋ᠦ᠍ ᠵᠠᠯᠠᠭᠠᠳ᠂ ᠠᠯᠪᠠᠲᠤ ᠨᠠᠷ ᠢ᠋ ᠨᠢ ᠳᠠᠭᠤᠳᠠᠭᠤᠯᠵᠤ᠂
— ᠱᠠᠭᠠᠵᠠᠭᠠᠢ ᠠᠯᠠᠭ ᠳᠡᠪᠡᠯ ᠲᠡᠢ ᠲᠡᠷᠡ ᠬᠥᠮᠦᠨ ᠢ᠋ ᠴᠠᠭᠠᠵᠠ ᠪᠠᠷ ᠠᠪᠬᠠᠭᠤᠯᠬᠤ ᠪᠠᠷ ᠮᠢᠩᠭᠠᠲᠤ ᠶ᠋ᠢᠨ ᠴᠡᠷᠢᠭ ᠦᠳᠲᠡᠷ ᠲᠦᠷᠭᠡᠨ ᠮᠣᠷᠳᠠᠭᠤᠯᠲᠤᠭᠠᠢ ᠭᠡᠮᠡᠨ ᠵᠠᠷᠯᠢᠭᠯᠠᠪᠠ᠃
ᠲᠡᠢᠨ ᠬᠦ᠌ ᠲᠡᠷᠡ ᠬᠡᠦᠬᠡᠨ ᠬᠠᠭᠠᠨ ᠢ᠋ ᠠᠯᠠᠭᠠᠳ ᠨᠥᠬᠥᠷ ᠢ᠋ᠶ᠋ᠡᠨ ᠬᠠᠭᠠᠨ ᠰᠢᠷᠡᠭᠡᠨ ᠳ᠋ᠦ᠍ ᠵᠠᠯᠠᠭᠠᠳ ᠵᠢᠷᠠᠨ ᠵᠢᠯ ᠦ᠋ᠨ ᠵᠢᠷᠭᠠᠯ᠂ ᠨᠠᠶᠠᠨ ᠵᠢᠯ ᠦ᠋ᠨ ᠨᠠᠢᠷ ᠬᠢᠵᠦ ᠠᠮᠤᠷ ᠰᠠᠢᠬᠠᠨ ᠵᠢᠷᠭᠠᠭᠰᠠᠨ ᠭᠡᠳᠡᠭ᠃
ᠦᠰᠦᠭ ᠠᠮᠢᠯᠠᠭᠤᠯᠤᠭᠴᠢ᠄ ᠵᠢᠩᠯᠢᠬᠤᠸᠠᠷ
ᠬᠢᠨᠠᠭᠴᠢ᠄ ᠬᠡᠷᠡᠢᠳ ᠨᠠᠷᠠᠰᠤ᠂ ᠰᠣᠳᠣᠪᠢᠯᠢᠭ᠌ ᠂ ᠨᠠᠰᠤᠨ᠋ᠦ᠌ᠯᠵᠡᠢ
ᠦᠰᠦᠭ ᠬᠠᠲᠠᠭᠴᠢ᠄ ᠮᠣᠳᠣᠲᠤ ᠬᠠᠪᠤᠷᠵᠢᠶ᠎ᠠ
