ᠵᠢᠭᠠᠰᠣᠲᠠᠢ ᠨᠠᠭᠣᠷ-ᠲ᠂ ᠬᠥᠬᠡᠣ᠋ᠴᠢЗагастай нуур-Т,Хөхоч ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠭᠠᠰᠣᠲᠠᠢ ᠨᠠᠭᠣᠷ-ᠲ᠂ ᠬᠥᠬᠡᠣ᠋ᠴᠢЗагастай нуур-Т,Хөхоч

ᠵᠢᠭᠠᠰᠣᠲᠠᠢ ᠨᠠᠭᠣᠷ-ᠲ᠂ ᠬᠥᠬᠡᠣ᠋ᠴᠢЗагастай нуур-Т,Хөхоч

2025-04-27

1944

ᠵᠢᠭᠠᠰᠣᠲᠠᠢ ᠨᠠᠭᠣᠷ

    ᠲ᠂ ᠬᠥᠬᠡ᠊ᠣ᠋ᠴᠢ  

ᠮᠠᠩᠬᠠᠨ ᠨᠤᠲᠤᠭ ᠤ᠋ᠨ ᠥᠷᠥᠴᠡᠨ ᠳ᠋ᠦ᠍ ᠤᠮᠳᠠ ᠪᠠᠷ ᠣᠨᠳᠣᠷᠤᠭᠴᠢ ᠡᠷᠳᠡᠨᠢ 
ᠮᠠᠩᠨᠤᠭ ᠬᠢᠪᠢᠰ ᠢ᠋ᠶ᠋ᠡᠷ ᠬᠥᠪᠡᠭᠡᠯᠡᠭᠰᠡᠨ ᠣᠷᠴᠢᠯᠠᠩ ᠢ᠋ ᠲᠣᠯᠢᠳᠠᠭᠴᠢ ᠡᠷᠳᠡᠨᠢ 
ᠮᠠᠨᠳᠤᠬᠤ ᠨᠠᠷᠠᠨ ᠤ᠋ ᠲᠤᠶᠠᠭᠠᠨ ᠳ᠋ᠤ᠌ ᠰᠤᠭᠤᠨᠠᠭ ᠲᠠᠲᠠᠭᠰᠠᠨ ᠮᠠᠨᠠᠨ ᠲᠠᠢ 
ᠮᠠᠭᠲᠠᠭᠠᠯ ᠰᠢᠯᠦᠭ ᠦ᠋ᠨ ᠬᠡᠯᠬᠢᠶᠡᠰᠦ ᠳᠣᠮᠣᠭ ᠤ᠋ᠨ ᠵᠢᠭᠠᠰᠤᠲᠠᠢ ᠨᠠᠭᠤᠷ ᠮᠢᠨᠢ᠃

ᠳᠡᠭᠡᠳᠦᠰ ᠦ᠋ᠨ ᠰᠦᠨᠡᠰᠦ ᠰᠠᠬᠢᠭᠠᠳ ᠠᠮᠤᠭᠤᠯᠠᠩ ᠯᠠ ᠪᠠᠢᠭᠰᠠᠨ 
ᠳᠡᠯᠡᠬᠡᠢ ᠳᠡᠭᠡᠷ᠎ᠡ ᠪᠡᠨ ᠵᠢᠵᠢᠭᠬᠡᠨ ᠬᠠᠷᠠᠭᠳᠠᠭᠴᠢ ᠠᠮᠢᠨ ᠤᠰᠤᠨ ᠂
ᠲᠡᠷᠡ ᠦᠶ᠎ᠡ ᠬᠢᠨ ᠵᠠᠪᠢᠨ ᠳ᠋ᠤ᠌ ᠰᠠᠭᠤᠭᠠᠳ ᠵᠤᠭᠠᠴᠠᠳᠠᠭ ᠪᠠᠢᠭᠰᠠᠨ 
ᠳᠡᠯᠡᠬᠡᠢ ᠳᠡᠭᠡᠷ᠎ᠡ ᠪᠡᠨ ᠵᠥᠩᠳᠡᠭᠡᠨ ᠬᠠᠷᠠᠭᠳᠠᠭᠴᠢ ᠠᠮᠠᠨ ᠤᠰᠤᠨ ᠃

ᠬᠥᠯᠦᠭ ᠮᠣᠷᠢᠳ ᠢ᠋ᠶ᠋ᠠᠨ ᠤᠰᠤᠯᠠᠨ ᠰᠥᠷᠦᠭ ᠮᠠᠯ ᠢ᠋ᠶ᠋ᠠᠨ ᠬᠠᠷᠢᠭᠤᠯᠤᠭᠰᠠᠨ
《 ᠬᠥᠬᠡ ᠲᠣᠷᠭᠠᠨ ᠲᠡᠷᠯᠢᠭ 》 ᠲᠡᠢ ᠠᠷᠠᠳ ᠮᠣᠩᠭᠣᠯ ᠤ᠋ᠨ ᠪᠦᠷᠢᠳᠦᠨ
ᠬᠥᠪᠡᠭᠡ ᠡᠷᠭᠢ ᠪᠡᠨ ᠲᠦᠯᠬᠢᠯᠡᠨ ᠬᠠᠢᠯᠠᠰᠤ ᠪᠤᠷᠭᠠᠰᠤ ᠪᠠᠨ ᠲᠣᠯᠢᠳᠠᠭᠰᠠᠨ
ᠾᠦᠩᠨᠦ《 ᠴᠦᠯ ᠦ᠋ᠨ ᠳᠠᠭᠤᠯᠠᠯ 》 ᠲᠠᠢ ᠲᠦᠮᠡᠨ ᠦ᠌ ᠵᠢᠷᠦᠬᠡᠨ ᠨᠠᠭᠤᠷ ᠮᠢᠨᠢ ᠃

ᠨᠠᠷᠠ ᠡᠰᠡᠪᠡᠯ ᠬᠤᠨ ᠳᠠᠪᠠᠯᠭᠠᠨ ᠳᠤᠮᠳᠠ ᠨᠢ ᠭᠢᠯᠠᠯᠵᠠᠨ ᠬᠥᠪᠴᠦ ᠲᠤᠨᠤᠷᠠᠭᠰᠠᠨ
ᠨᠠᠮᠤᠷ ᠡᠰᠡᠪᠡᠯ ᠬᠠᠪᠤᠷ ᠭᠠᠩᠭᠠᠨᠠᠭᠠᠨ ᠳᠤᠮᠳᠠ ᠨᠢ ᠤᠬᠢᠯᠠᠨ ᠰᠡᠷᠡᠵᠦ ᠲᠣᠨᠢᠷᠬᠠᠭᠰᠠᠨ
ᠨᠠᠢ᠍ᠮᠠᠨ ᠵᠦᠭ ᠦ᠋ᠨ ᠰᠠᠯᠬᠢᠨ ᠢ᠋ᠶ᠋ᠠᠷ ᠵᠡᠷᠭᠡᠯᠭᠡᠨ ᠳᠤᠮᠳᠠ ᠪᠠᠨ ᠠᠷᠯᠠᠭᠰᠠᠨ
ᠨᠠᠰᠤ ᠶ᠋ᠢ ᠮᠢᠨᠢ ᠠᠪᠴᠤ ᠦᠯᠡᠳᠡᠬᠦ ᠤᠰᠤᠨ ᠤ᠋ ᠰᠣᠨᠣᠷ ᠲᠠᠢ ᠠᠶᠠᠯᠭᠤᠨ ᠃

ᠳᠡᠷᠭᠡᠳᠡ ᠳ᠋ᠦ᠍ ᠴᠢᠨᠢ ᠣᠷᠣᠰᠢᠭᠴᠢ ᠪᠦᠬᠦᠨ ᠴᠢᠨᠦ ᠢᠪᠡᠭᠡᠯ ᠳ᠋ᠦ᠍ ᠪᠠᠭᠲᠠᠭᠰᠠᠨ
ᠳᠡᠷᠭᠡᠳᠡ ᠳ᠋ᠦ᠍ ᠴᠢᠨᠢ ᠠᠮᠢᠳᠤᠷᠠᠭᠴᠢ ᠪᠦᠬᠦᠨ ᠴᠢᠨᠦ ᠠᠯᠳᠠᠷ ᠢ᠋ᠶ᠋ᠠᠷ ᠪᠠᠬᠠᠷᠬᠠᠭᠰᠠᠨ
ᠬᠥᠯᠳᠡᠵᠦ ᠴᠠᠰᠤᠲᠤ ᠲᠠᠯ᠎ᠠ ᠰᠢᠭ᠋ ᠢ᠋ᠶ᠋ᠡᠨ ᠲᠣᠷᠭᠠᠨ ᠵᠠᠮ ᠢ᠋ ᠬᠠᠷᠭᠣᠢᠯᠠᠭᠰᠠ
ᠬᠦᠯᠡᠯᠵᠦ ᠭᠦᠨ ᠬᠠᠷᠠᠩᠭᠤᠢ ᠪᠠᠨ ᠣᠳᠣᠨ ᠮᠡᠴᠢᠳ ᠢ᠋ᠶ᠋ᠡᠷ ᠬᠠᠷᠠᠭᠤᠯᠤᠭᠰᠠᠨ

ᠮᠥᠩᠭᠥᠨ ᠪᠤᠢᠯᠠ ᠲᠠᠢ ᠲᠡᠮᠡᠭᠡ ᠨᠢ ᠲᠣᠮ ᠢ᠋ᠶ᠋ᠠᠨ ᠪᠡᠬᠢᠯᠡᠭᠰᠡᠨ ᠬᠥᠲᠥᠯ ᠲᠡᠢ
ᠮᠥᠷᠭᠥ ᠵᠢᠭᠠᠰᠤ ᠲᠠᠢ ᠴᠡᠭᠡᠯ ᠨᠢ ᠳᠠᠯᠳᠠ ᠠ᠋ᠴᠠ ᠣᠷᠭᠢᠯᠤᠭᠰᠠᠨ ᠪᠤᠯᠠᠭ ᠲᠠᠢ
ᠬᠣᠷᠸ᠎ᠠ ᠭᠡᠳᠡᠭ ᠦ᠋ᠨ ᠠᠮᠢ ᠪᠦᠬᠦᠨ ᠢ᠋ ᠵᠦᠭᠡᠯᠡᠯᠵᠦ ᠠᠷᠭᠠᠳᠠᠭᠰᠠᠨ ᠳᠠᠯᠠᠢ
ᠬᠡᠷᠪᠡ ᠭᠡᠳᠡᠭ ᠦᠭᠡᠢ ᠬᠠᠷᠭᠤᠰᠤᠯ ᠢ᠋ᠶ᠋ᠠᠨ ᠵᠠᠯᠭᠢᠯᠠᠵᠤ ᠬᠠᠲᠠᠭᠰᠠᠨ ᠳᠠᠯᠠᠢ

ᠴᠤᠤ ᠲᠠᠢ ᠭᠠᠩ ᠤ᠋ᠨ ᠵᠢᠯ ᠢ᠋ᠶ᠋ᠡᠷ ᠴᠦ᠍ ᠵᠠᠪᠢᠶ᠎ᠠ ᠨᠢ ᠲᠤᠨᠲᠠᠷᠠᠵᠤ ᠦᠵᠡᠭᠡ ᠦᠭᠡᠢ
ᠳᠠᠭᠤ ᠲᠠᠢ ᠲᠡᠭᠷᠢ ᠶ᠋ᠢᠨ ᠪᠣᠷᠣᠭᠠᠨ ᠢ᠋ᠶ᠋ᠠᠷ ᠵᠦᠭ ᠢ᠋ᠶ᠋ᠡᠨ ᠠᠯᠳᠠᠵᠤ ᠦᠶᠡᠷᠯᠡᠭᠡ ᠦᠭᠡᠢ
ᠮᠡᠯᠲᠡᠭᠡᠨᠡᠭᠰᠡᠨ ᠰᠢᠭᠦᠳᠡᠷᠢ ᠲᠡᠢ ᠴᠡᠴᠡᠭ ᠢ᠋ᠶ᠋ᠡᠷ ᠵᠤᠨᠵᠢᠨ ᠭᠤᠶᠤᠵᠤ ᠭᠠᠩᠭᠠᠷᠠᠭᠰᠠᠨ
ᠮᠥᠷᠡᠨ ᠭᠣᠣᠯ ᠢ᠋ᠶ᠋ᠠᠷ ᠠᠮᠢᠵᠢᠷᠠᠭ᠎ᠠ ᠦᠭᠡᠢ ᠳᠥᠯᠭᠡᠨ ᠵᠢᠭᠠᠰᠤᠲᠠᠢ ᠨᠠᠭᠤᠷ ᠮᠢᠨᠢ ᠃

ᠦᠬᠡᠷ ᠦ᠋ᠨ ᠰᠠᠬᠢᠭᠤᠰᠤ ᠮᠥᠭᠡᠷᠡᠭᠰᠡᠨ ᠪᠤᠶᠠᠨ ᠵᠠᠶᠠᠭᠠᠨ ᠤ᠋ ᠬᠡᠰᠢᠭ ᠮᠢᠨᠢ
ᠦᠯᠢᠭᠡᠷ ᠪᠣᠯᠵᠤ ᠬᠣᠯᠠᠳᠠᠭᠰᠠᠨ ᠣᠨ ᠵᠢᠯ ᠦ᠋ᠨ ᠭᠡᠷᠡᠴᠢ ᠮᠢᠨᠢ
ᠰᠥᠷᠦᠭ ᠢ᠋ᠶ᠋ᠡᠨ ᠥᠪᠯᠡᠬᠦ ᠨᠤᠲᠤᠭ ᠤ᠋ᠨ ᠪᠦᠲᠦᠨ ᠵᠠᠬᠢᠶ᠎ᠠ ᠨᠡᠷ᠎ᠡ ᠮᠢᠨᠢ
ᠰᠦ ᠪᠡᠨ ᠡᠷᠭᠦᠭᠰᠡᠨ ᠡᠵᠢ ᠶ᠋ᠢᠨ ᠵᠡᠭᠦᠳᠦᠨ ᠰᠠᠬᠢᠶ᠎ᠠ ᠨᠠᠭᠤᠷ ᠮᠢᠨᠢ

ᠭᠣᠪᠢ ᠰᠢᠷᠭ᠎ᠠ ᠶ᠋ᠢᠨ ᠡᠯᠡᠰᠦᠨ ᠬᠦᠷᠲᠡᠭᠰᠡᠨ ᠰᠢᠮ᠎ᠡ ᠪᠡᠨ ᠮᠠᠷᠲᠠᠳᠠᠭ ᠦᠭᠡᠢ
ᠭᠠᠤᠯᠢᠨ ᠰᠢᠨᠠᠭ᠎ᠠ ᠰᠢᠭ᠋ ᠰᠠᠷᠠᠨ ᠮᠠᠨᠠᠭᠰᠠᠨ ᠨᠠᠰᠤ ᠪᠠᠨ ᠲᠣᠭᠠᠯᠠᠳᠠᠭ ᠦᠭᠡᠢ
ᠭᠤᠷᠪᠠᠨ ᠴᠠᠷᠳᠠ ᠶ᠋ᠢ ᠡᠯᠡᠭᠡᠭᠰᠡᠨ ᠴᠡᠩᠭᠡᠭ ᠠᠭᠠᠷ ᠢ᠋ ᠴᠢᠨᠢ ᠠᠮᠢᠰᠬᠤᠭᠰᠠᠨ ᠠ᠋ᠴᠠ
ᠭᠤᠨᠠᠭᠠᠨ ᠤᠯᠠᠭᠠᠨ ᠪᠠᠭᠠᠲᠤᠷ ᠰᠢᠭ᠋ ᠬᠠᠢᠷᠠᠯᠠᠵᠤ ᠵᠢᠷᠭᠠᠵᠤ ᠶᠠᠪᠤᠨ᠎ᠠ ᠳᠠ ᠃

ᠠᠭᠤᠯᠠ ᠤᠰᠤ ᠪᠠᠨ ᠡᠬᠡ ᠣᠷᠣᠨ ᠪᠦᠲᠦᠨ ᠬᠠᠷᠠᠬᠤ ᠶ᠋ᠢᠨ ᠶᠣᠰᠣᠨ ᠪᠣᠢ
ᠤᠨᠠᠭᠠᠨ ᠨᠤᠲᠤᠭ ᠢ᠋ᠶ᠋ᠠᠨ ᠡᠵᠡᠨ ᠬᠥᠮᠦᠨ ᠪᠦᠷᠢᠨ ᠰᠠᠬᠢᠬᠤ ᠶ᠋ᠢᠨ ᠤᠴᠢᠷ ᠪᠣᠢ
ᠡᠪᠦᠭᠡᠳ ᠦ᠋ᠨ ᠬᠠᠯᠠᠭᠤᠨ ᠴᠢᠰᠤ ᠡᠷᠡᠮᠡᠬᠡᠢ ᠬᠦᠴᠦᠨ ᠢ᠋ ᠰᠡᠯᠪᠢᠭᠰᠡᠨ ᠡᠴᠡ
ᠡᠭᠡᠨᠡᠭᠲᠡ ᠪᠠᠲᠤ ᠵᠠᠶᠠᠭ᠎ᠠ ᠪᠠᠨ ᠰᠢᠲᠦᠵᠦ ᠰᠠᠨᠠᠵᠤ ᠶᠠᠪᠤᠨ᠎ᠠ ᠳᠠ ᠃