ᠡᠪᠦᠭᠡᠨ ᠲᠠᠭᠲᠠᠭ᠎ᠠ ᠪᠠ ᠦᠷᠴᠢᠬᠡᠷ ᠡᠮᠡᠭᠡᠨ -ᠶᠦᠩᠰᠢᠶᠠᠪᠦ ᠂ ᠲᠣᠨᠣᠯᠵᠢᠩᠭᠣᠸ᠎ᠠ Өвгөн тагтаа ба үрчгэр эмгэн-Юншаав,Тонолжингоо ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠭᠡᠨ ᠲᠠᠭᠲᠠᠭ᠎ᠠ ᠪᠠ ᠦᠷᠴᠢᠬᠡᠷ ᠡᠮᠡᠭᠡᠨ -ᠶᠦᠩᠰᠢᠶᠠᠪᠦ ᠂ ᠲᠣᠨᠣᠯᠵᠢᠩᠭᠣᠸ᠎ᠠ Өвгөн тагтаа ба үрчгэр эмгэн-Юншаав,Тонолжингоо

ᠡᠪᠦᠭᠡᠨ ᠲᠠᠭᠲᠠᠭ᠎ᠠ ᠪᠠ ᠦᠷᠴᠢᠬᠡᠷ ᠡᠮᠡᠭᠡᠨ -ᠶᠦᠩᠰᠢᠶᠠᠪᠦ ᠂ ᠲᠣᠨᠣᠯᠵᠢᠩᠭᠣᠸ᠎ᠠ Өвгөн тагтаа ба үрчгэр эмгэн-Юншаав,Тонолжингоо

2025-04-26

1142

ᠡᠪᠦᠭᠡᠨ ᠲᠠᠭᠲᠠᠭ᠎ᠠ ᠪᠠ ᠦᠷᠴᠢᠬᠡᠷ ᠡᠮᠡᠭᠡᠨ

   ᠵᠣᠬᠢᠶᠠᠭᠴᠢ᠄ ᠶᠦᠩᠰᠢᠶᠠᠪᠦ ᠂ ᠲᠣᠨᠣᠯᠵᠢᠩᠭᠣᠸ᠎ᠠ 
   ᠤᠶᠠᠩᠭᠠᠯᠠᠭᠴᠢ᠄ ᠶᠦᠩᠰᠢᠶᠠᠪᠦ ᠂ ᠲᠣᠨᠣᠯᠵᠢᠩᠭᠣᠸ᠎ᠠ 

    ᠬᠠᠭᠳᠠ ᠴᠤᠬᠤᠢᠬᠤ ᠠ᠋ᠴᠠ ᠡᠮᠦᠨᠡᠬᠢ ᠬᠠᠪᠤᠷ ᠤ᠋ᠨ ᠨᠢᠭᠡᠨ ᠥᠷᠯᠥᠭᠡ ᠡᠪᠦᠭᠡᠨ ᠲᠠᠭᠲᠠᠭ᠎ᠠ ᠦᠷᠴᠢᠬᠡᠷ ᠡᠮᠡᠭᠡᠨ ᠬᠣᠶᠠᠷ ᠲᠠᠨᠢᠯᠴᠠᠵᠤ ᠪᠢᠯᠡ᠃
   ᠡᠪᠦᠭᠡᠨ ᠲᠠᠭᠲᠠᠭ᠎ᠠ ᠥᠷᠥᠭᠡᠨ ᠦ᠌ ᠬᠢᠨᠢ ᠴᠣᠩᠬᠣ ᠪᠠᠷ  ᠱᠠᠭᠠᠢᠭᠠᠳ᠄《 ᠦᠷᠴᠢᠬᠡᠷ ᠡᠮᠡᠭᠡᠨ ᠠ᠋᠂ ᠡᠪᠦᠭᠡᠨ᠂ ᠦᠷ᠎ᠡ ᠬᠡᠦᠬᠡᠳ ᠲᠡᠢ ᠪᠡᠨ ᠴᠣᠭ ᠬᠥᠭᠡᠷᠦᠯᠳᠦᠵᠦ ᠰᠠᠭᠤᠬᠤ ᠦᠭᠡᠢ᠂ ᠦᠷ ᠢ᠋ᠶ᠋ᠡᠷ ᠭᠠᠭᠴᠠᠭᠠᠷ ᠥᠴᠥᠭᠡᠨᠡᠬᠦ ᠴᠢᠨᠢ ᠶᠠᠭᠤᠨ ᠪᠢᠯᠡ》 ᠭᠡᠬᠦ ᠶᠦᠮ᠃
    ᠡᠪᠦᠭᠡᠨ ᠲᠠᠭᠲᠠᠭ᠎ᠠ ᠴᠢ ᠥᠨᠳᠡᠭᠡ ᠲᠥᠷᠥᠵᠦ ᠴᠦ᠍ ᠴᠢᠳᠠᠬᠤ ᠦᠭᠡᠢ ᠪᠠᠢᠭᠠᠳ ᠬᠣᠩᠭᠣᠷ ᠠᠯᠠᠭ ᠬᠣᠶᠠᠷ ᠦᠷ᠎ᠡ ᠲᠥᠷᠥᠭᠰᠡᠨ ᠨᠠᠳᠠ ᠶ᠋ᠢ ᠬᠣᠱᠣᠩᠨᠠᠬᠤ ᠴᠢᠨᠢ ᠶᠠᠭᠤᠨ ᠪᠢᠯᠡ ᠭᠡᠵᠦ ᠦᠷᠴᠢᠬᠡᠷ ᠡᠮᠡᠭᠡᠨ ᠤᠴᠠᠭᠠᠷᠳᠠᠩᠭᠤᠢ ᠶᠠᠷᠢᠨ᠎ᠠ᠃
    ᠡᠪᠦᠭᠡᠨ ᠲᠠᠭᠲᠠᠭ᠎ᠠ ᠰᠥᠭᠡᠩᠭᠢ ᠨᠠᠮ ᠳᠠᠭᠤ ᠪᠠᠷ ᠡᠮᠡᠭᠡᠨ ᠤᠷᠤᠭᠤ᠄《 ᠶᠢᠷᠲᠢᠨᠴᠦ ᠳ᠋ᠦ᠍ ᠬᠥᠮᠦᠨ ᠥᠪᠡᠷ ᠢ᠋ᠶ᠋ᠡᠨ ᠮᠥᠩᠬᠡᠷᠡᠳᠡᠭ ᠦᠭᠡᠢ᠂ ᠦᠷ᠎ᠡ ᠪᠡᠨ ᠦᠯᠡᠳᠡᠭᠡᠵᠦ ᠮᠥᠩᠬᠡᠷᠡᠳᠡᠭ ᠵᠢᠮ᠎ᠡ ᠲᠡᠢ ᠬᠣᠢᠨ᠎ᠠ᠂ ᠴᠢ ᠪᠢᠳᠡ ᠬᠣᠶᠠᠷ ᠥᠷᠥᠭᠡᠰᠦᠨ ᠪᠤᠷᠤᠭᠤ ᠬᠣᠶᠠᠷ ᠦᠭᠡ ᠪᠡᠷ ᠵᠥᠷᠢᠯᠳᠦᠬᠦ ᠶ᠋ᠢᠨ ᠣᠷᠣᠨ ᠳ᠋ᠤ᠌᠂ ᠥᠪᠡᠷ ᠥᠪᠡᠷ ᠦ᠋ᠨ ᠥᠩᠭᠡ ᠪᠡᠷ ᠢ᠋ᠶ᠋ᠡᠨ ᠢᠯᠭᠠᠷᠠᠵᠤ ᠠᠮᠢᠳᠤᠷᠠᠳᠠᠭ ᠢ᠋ᠶ᠋ᠠᠨ ᠲᠣᠭᠠᠴᠢᠬᠤ ᠪᠢᠰᠢᠦ》 ᠭᠡᠬᠦ ᠶᠦᠮ
ᠡᠨᠡ ᠬᠠᠷᠢᠨ ᠴᠢᠬᠢᠨ ᠳ᠋ᠦ᠍ ᠳᠤᠯᠠᠭᠠᠬᠠᠨ ᠰᠢᠭ᠋ ᠬᠣᠶᠠᠷ ᠦᠭᠡ ᠰᠣᠨᠣᠰᠳᠠᠬᠤ ᠰᠢᠭ᠋ ᠪᠣᠯᠤᠯ᠎ᠠ ᠭᠡᠵᠦ ᠦᠷᠴᠢᠬᠡᠷ ᠡᠮᠡᠭᠡᠨ ᠠᠮᠠᠨ ᠳ᠋ᠠᠭᠠᠨ  ᠳᠦᠳᠦᠨᠡᠨ᠎ᠡ᠃
   ᠡᠪᠦᠭᠡᠨ ᠲᠠᠭᠲᠠᠭ᠎ᠠ᠄《 ᠡᠪᠦᠭᠡᠨ ᠮᠢᠨᠦ ᠡᠷ᠎ᠡ ᠶ᠋ᠢᠨ ᠭᠠᠭᠴᠠᠬᠠᠨ ᠬᠠᠷᠢᠭᠤᠴᠠᠯᠭ᠎ᠠ ᠪᠣᠯ ᠦᠷ᠎ᠡ ᠶ᠋ᠢᠨ ᠢ᠋ᠶ᠋ᠡᠨ ᠡᠵᠢ ᠶ᠋ᠢ ᠰᠠᠨᠠᠭ᠎ᠠ ᠶ᠋ᠢ ᠨᠢ ᠠᠮᠠᠷᠠᠭᠠᠵᠤ ᠬᠠᠨᠢ ᠲᠠᠢ ᠪᠠᠨ ᠬᠠᠮᠵᠢᠯᠴᠠᠵᠤ᠂ ᠥᠨᠳᠡᠭᠡ ᠵᠤᠯᠵᠠᠭ᠎ᠠ ᠪᠠᠨ ᠥᠰᠬᠡᠵᠦ ᠪᠣᠢᠵᠢᠭᠤᠯᠬᠤ ᠬᠡᠷᠡᠭ ᠪᠠᠢᠳᠠᠭ ᠪᠣᠯᠬᠣᠷ ᠭᠠᠴᠢᠭ ᠬᠠᠭᠰᠠᠷᠠᠭᠠᠨ ᠲᠠᠢ᠂ ᠡᠨᠡ ᠴᠠᠭ ᠳᠤ ᠭᠠᠳᠠᠨ᠎ᠠ ᠠ᠋ᠴᠠ ᠴᠢᠨᠢ ᠡᠮᠬᠦ ᠬᠣᠭᠣᠯᠠ ᠣᠯᠵᠤ᠂ ᠥᠨᠳᠡᠭᠡ ᠳᠠᠷᠤᠭᠰᠠᠨ ᠦᠷ᠎ᠡ ᠶ᠋ᠢᠨ ᠢ᠋ᠶ᠋ᠡᠨ ᠡᠵᠢ ᠶ᠋ᠢ ᠨᠢ ᠲᠡᠵᠢᠭᠡᠶ᠎ᠡ ᠭᠡᠵᠦ ᠡᠭᠦᠳᠡ ᠪᠡᠷ ᠴᠢᠨᠢ ᠡᠳᠦᠷᠵᠢᠨ ᠡᠷᠭᠢᠴᠡᠵᠦ ᠪᠠᠢᠭ᠎ᠠ ᠨᠢ ᠡᠨᠡ ᠪᠢᠰᠢᠦ》 ᠭᠡᠬᠦ ᠶᠦᠮ᠃
   ᠦᠷᠴᠢᠬᠡᠷ ᠡᠮᠡᠭᠡᠨ ᠬᠠᠨᠢ ᠳ᠋ᠠᠭᠠᠨ ᠬᠠᠶᠠᠭᠳᠠᠭᠠᠳ᠂ ᠬᠠᠢᠷᠠᠲᠠᠢ ᠬᠣᠶᠠᠷ ᠦᠷ᠎ᠡ ᠶ᠋ᠢ ᠪᠡᠨ ᠰᠠᠬᠢᠵᠤ ᠰᠠᠭᠤᠬᠤ ᠳ᠋ᠠᠭᠠᠨ ᠭᠠᠭᠴᠠᠬᠠᠨ ᠠᠶᠠᠭ᠎ᠠ ᠲᠦᠭᠦᠬᠡᠢ ᠭᠤᠯᠢᠷ᠂ ᠬᠠᠭᠠᠰ ᠠᠯᠠᠭᠠᠨ ᠴᠢᠨᠡᠭᠡᠬᠡᠨ ᠬᠠᠢᠯᠭᠠᠭᠰᠠᠨ ᠢᠮᠠᠭᠠᠨ ᠥᠭᠡᠬᠦ ᠲᠡᠢ ᠬᠣᠴᠣᠷᠴᠤ ᠥᠷᠯᠥᠭᠡ ᠶ᠋ᠢᠨ ᠬᠣᠭᠣᠯᠠ ᠪᠠᠨ ᠰᠢᠢᠳᠪᠦᠷᠢᠯᠡᠴᠢᠬᠡᠭᠡᠳ ᠂ᠦᠳᠡ᠂ ᠣᠷᠣᠢ ᠬᠣᠭᠣᠯᠠ ᠦᠭᠡᠢ ᠬᠣᠭᠣᠰᠣᠨ ᠬᠣᠨᠣᠳᠠᠭ ᠪᠠᠢᠭᠰᠠᠨ ᠢ᠋ᠶ᠋ᠠᠨ ᠰᠠᠨᠠᠵᠤ᠂ ᠬᠠᠮᠠᠷ ᠢ᠋ᠶ᠋ᠠᠨ ᠲᠠᠲᠠᠵᠤ᠂ ᠳᠠᠭᠤ ᠦᠭᠡᠢ ᠰᠠᠭᠤᠵᠤ᠂ ᠥᠨᠳᠡᠭᠡ ᠡᠴᠡ ᠨᠡᠪᠴᠢᠳᠡᠭ ᠥᠴᠦᠬᠡᠨ ᠲᠠᠭᠲᠠᠭ᠎ᠠ ᠬᠦᠷᠲᠡᠯ᠎ᠡ ᠡᠴᠢᠭᠡ ᠶ᠋ᠢᠨ ᠬᠠᠷᠢᠭᠤᠴᠠᠯᠭ᠎ᠠ ᠶ᠋ᠢ ᠡᠢᠨᠬᠦ ᠡᠷᠡᠰ ᠢ᠋ᠶ᠋ᠡᠷ ᠮᠥᠷᠦᠨ ᠳ᠋ᠡᠭᠡᠨ ᠡᠭᠦᠷᠭᠡᠯᠡᠵᠦ ᠪᠠᠢᠭ᠎ᠠ ᠶ᠋ᠢ ᠬᠠᠷᠠᠭᠠᠳ᠂ ᠡᠷᠬᠡ ᠦᠭᠡᠢ ᠢᠲᠡᠭᠡᠵᠦ ᠪᠢᠰᠢᠷᠡᠭᠰᠡᠨ ᠬᠠᠷᠠᠴᠠ ᠪᠠᠷ ᠡᠪᠦᠭᠡᠨ ᠲᠠᠭᠲᠠᠭ᠎ᠠ ᠶ᠋ᠢ ᠠᠰ ᠡᠮᠦᠨ᠎ᠡ ᠡᠴᠡ ᠨᠢ ᠴᠣᠭᠣᠷᠠᠲᠠᠯ᠎ᠠ ᠪᠠᠨ ᠰᠢᠷᠲᠡᠯ᠎ᠡ᠃
   ᠲᠡᠷᠡ ᠲᠠᠭᠲᠠᠭ᠎ᠠ ᠲᠡᠢᠮᠦ ᠯᠡ ᠰᠦᠷᠯᠢᠭ᠂ ᠲᠡᠢᠮᠦ ᠯᠡ ᠠᠭᠤᠤ᠂ ᠲᠡᠢᠮᠦ ᠯᠡ ᠬᠠᠩᠬᠠᠭᠠᠷ᠂ ᠲᠡᠢᠮᠦ ᠯᠡ ᠲᠦᠰᠢᠭ ᠲᠡᠢ ᠬᠠᠷᠠᠭᠳᠠᠨ᠎ᠠ᠃
   ᠦᠷᠴᠢᠬᠡᠷ ᠡᠮᠡᠭᠡᠨ ᠰᠡᠳᠬᠢᠯ ᠢ᠋ᠶ᠋ᠡᠷ ᠤᠨᠠᠵᠤ᠂ ᠨᠢᠭᠡᠨ ᠰᠠᠷ᠎ᠠ ᠶ᠋ᠢᠨ ᠬᠣᠭᠣᠷᠣᠨᠳᠣ ᠲᠣᠯᠣᠭᠠᠢ ᠶ᠋ᠢᠨ ᠦᠰᠦ ᠨᠢ ᠴᠡᠯ  ᠪᠤᠭᠤᠷᠤᠯ ᠪᠣᠯᠵᠤ᠂ ᠢᠳᠡᠬᠦ ᠬᠣᠭᠣᠯᠠ ᠦᠭᠡᠢ᠂ ᠤᠨᠲᠠᠬᠤ ᠨᠣᠢᠷ ᠦᠭᠡᠢ ᠡᠮᠰᠡᠢᠵᠦ ᠬᠠᠮᠰᠠᠭᠠᠳ᠂ ᠡᠵᠢ ᠶ᠋ᠢᠨ ᠢ᠋ᠶ᠋ᠡᠨ ᠠᠷᠭᠠᠯ ᠤ᠋ᠨ ᠣᠪᠣᠭᠠᠨ ᠤ᠋ ᠬᠠᠵᠠᠭᠤ ᠳ᠋ᠤ᠌ ᠬᠦᠷᠴᠦ ᠶᠣᠢᠯᠠᠵᠤ ᠬᠡᠪᠲᠡᠳᠡᠭ ᠪᠠᠢᠯ᠎ᠠ᠃
   ᠦᠳᠡᠯᠦᠭᠡ ᠪᠣᠯᠤᠭᠰᠠᠨ ᠡᠵᠢ ᠨᠢ ᠬᠠᠵᠠᠭᠤ ᠳ᠋ᠤ᠌ ᠨᠢ ᠬᠦᠷᠦᠭᠡᠳ᠄《 ᠬᠡᠦᠬᠡᠨ ᠮᠢᠨᠢ ᠠ᠋· ᠴᠢ ᠬᠡᠨ ᠳ᠋ᠦ᠍ ᠬᠡᠷᠡᠭ ᠦᠭᠡᠢ ᠴᠣ ᠬᠣᠶᠠᠷ ᠬᠡᠦᠬᠡᠳ ᠪᠢᠳᠡ ᠭᠤᠷᠪᠠ ᠳ᠋ᠤ᠌ ᠬᠡᠷᠡᠭᠲᠡᠢ ᠰᠢᠦ᠂ ᠲᠡᠭᠡᠬᠦ ᠪᠡᠷ ᠴᠢ ᠵᠠᠪᠠᠯ ᠵᠣᠷᠢᠭᠯᠠᠵᠤ᠂ ᠡᠳᠡᠭᠡᠷᠡᠵᠦ ᠪᠣᠰᠴᠤ ᠵᠣᠭᠰᠣᠬᠤ ᠬᠡᠷᠡᠭᠲᠡᠢ ᠰᠢᠦ》 ᠭᠡᠳ ᠡᠩᠭᠡᠷ ᠢ᠋ᠶ᠋ᠡᠨ ᠳᠡᠪᠲᠦᠲᠡᠯ᠎ᠡ ᠤᠬᠢᠯᠠᠵᠤ  ᠵᠣᠭᠰᠣᠨ᠎ᠠ᠃
   ᠦᠷᠴᠢᠬᠡᠷ ᠡᠮᠡᠭᠡᠨ ᠦ᠌᠄《 ᠪᠢ ᠨᠢᠭᠡ ᠬᠠᠨᠲᠠᠯ᠎ᠠ ᠪᠠᠨ ᠤᠨᠲᠠᠬᠤ ᠶᠤᠮᠰᠠᠨ᠂ ᠴᠠᠳᠲᠠᠯ᠎ᠠ ᠪᠠᠨ ᠢᠳᠡᠬᠦ ᠶᠤᠮᠰᠠᠨ》 ᠭᠡᠵᠦ ᠪᠠᠢᠨ ᠳᠠᠬᠢᠨ ᠳᠦᠳᠦᠨᠡᠬᠦ ᠶ᠋ᠢ ᠬᠠᠷᠠᠭᠰᠠᠨ ᠡᠪᠦᠭᠡᠨ ᠲᠠᠭᠲᠠᠭ᠎ᠠ ᠲᠦᠷᠭᠡᠨ ᠭᠡᠭᠴᠢ ᠦᠷᠴᠢᠬᠡᠷ ᠡᠮᠡᠭᠡᠨ ᠦ᠌ ᠡᠮᠦᠨ᠎ᠡ ᠨᠢ ᠨᠢᠰᠴᠦ ᠬᠦᠷᠦᠭᠡᠳ᠄《 ᠲᠤᠭ ᠭᠡᠪᠡᠯ ᠨᠣᠢᠷ᠂ ᠳᠤᠨᠳᠠᠭᠤᠷ ᠢᠳᠡᠪᠡᠯ ᠬᠣᠭᠣᠯᠠ᠂ ᠬᠠᠨᠠᠨ ᠭᠡᠷ ᠡᠴᠡ ᠪᠡᠨ ᠭᠠᠷᠤᠭᠠᠳ ᠬᠠᠳᠠᠨ ᠭᠡᠷ ᠲᠡᠭᠡᠨ ᠬᠠᠷᠠᠴᠢᠬᠠᠪᠠᠯ᠂ ᠴᠢ ᠳᠠᠬᠢᠨ ᠰᠡᠷᠢᠬᠦ ᠦᠭᠡᠢ ᠤᠨᠲᠠᠬᠤ ᠯᠠ ᠬᠡᠷᠡᠭ ᠳᠡ᠂ ᠪᠠᠰᠠ ᠶᠠᠭᠤᠨ ᠤ᠋ ᠬᠢᠨᠢ ᠶᠠᠭᠠᠷᠠᠴᠢᠬᠠᠭᠰᠠᠨ ᠪᠣᠢ》 ᠭᠡᠵᠦ ᠵᠠᠩᠳᠤᠷᠤᠩᠭᠤᠢ ᠥᠨᠳᠥᠷ ᠳᠠᠭᠤ ᠪᠠᠷ ᠶᠠᠷᠢᠵᠤ ᠭᠠᠷᠤᠯ᠎ᠠ᠃
  ᠦᠷᠴᠢᠬᠡᠷ ᠡᠮᠡᠭᠡᠨ ᠭᠤᠲᠤᠷᠠᠵᠤ ᠭᠤᠨᠢᠭᠰᠠᠨ ᠳᠠᠭᠤᠨ ᠢ᠋ᠶ᠋ᠠᠷ ᠡᠪᠦᠭᠡᠨ ᠲᠠᠭᠲᠠᠭ᠎ᠠ ᠳ᠋ᠤ᠌᠄《 ᠪᠢ ᠭᠡᠵᠦ ᠱᠠᠯ ᠲᠤᠰᠠ ᠦᠭᠡᠢ ᠠᠮᠢᠲᠠᠨ ᠶᠤᠮ᠂ ᠬᠠᠨᠢ ᠳ᠋ᠠᠭᠠᠨ ᠬᠠᠶᠠᠭᠳᠠᠭᠠᠳ᠂ ᠬᠠᠮᠤᠭ ᠲᠠᠷ ᠢ᠋ᠶ᠋ᠠᠨ ᠪᠠᠷᠠᠭᠠᠳ᠂ ᠦᠷ᠎ᠡ ᠶ᠋ᠢᠨ ᠢ᠋ᠶ᠋ᠡᠨ ᠠᠪᠤ ᠳ᠋ᠤ᠌ ᠭᠣᠯᠣᠭᠳᠠᠴᠢᠬᠠᠭᠠᠳ᠂ ᠥᠩᠭᠡ ᠵᠢᠰᠦ ᠪᠠᠭᠤᠷᠠᠭᠠᠳ᠂ ᠬᠠᠲᠤᠨ ᠭᠣᠣᠯ ᠣᠢᠷ᠎ᠠ ᠪᠣᠯ ᠬᠠᠷᠠᠢᠵᠤ ᠦᠬᠦᠮᠡᠷ᠂ ᠭᠠᠵᠠᠷ ᠠᠩ ᠭᠠᠷᠪᠠᠯ  ᠣᠷᠣᠭᠠᠳ ᠳᠠᠭᠤᠰᠴᠢᠬᠠᠮᠠᠷ》 ᠭᠡᠬᠦ ᠳ᠋ᠦ᠍᠂ ᠡᠪᠦᠭᠡᠨ ᠲᠠᠭᠲᠠᠭ᠎ᠠ  ᠲᠠᠢᠪᠤᠭᠤᠬᠠᠨ ᠢ᠋ᠶ᠋ᠠᠷ ᠡᠮᠡᠭᠡᠨ ᠦ᠌ ᠲᠣᠯᠣᠭᠠᠢ ᠳᠡᠭᠡᠭᠦᠷ ᠡᠷᠭᠢᠯᠳᠦᠵᠦ ᠡᠷᠭᠢᠯᠳᠦᠴᠢᠬᠡᠭᠡᠳ᠄《 ᠴᠢ  ᠰᠢᠭ ᠲᠡᠩᠬᠡ ᠪᠡᠨ ᠪᠠᠷᠠᠭᠰᠠᠨ ᠡᠮᠡᠭᠡᠨ ᠳ᠋ᠦ᠍ ᠬᠠᠲᠤᠨ ᠭᠣᠣᠯ ᠬᠠᠨᠵᠤᠨ ᠳᠡᠭᠡᠷ᠎ᠡ ᠴᠢᠨᠢ ᠤᠷᠤᠰᠴᠤ ᠢᠷᠡᠬᠦ ᠦᠭᠡᠢ ᠪᠣᠯ ᠪᠡᠶᠡᠯᠡᠭᠳᠡᠵᠦ ᠳᠡᠢᠯᠦᠰᠢ ᠦᠭᠡᠢ ᠵᠡᠭᠦᠳᠦ ᠪᠠᠢᠨ᠎ᠠ ᠰᠢᠦ ᠳᠡ᠂ ᠥᠪᠡᠷ ᠢ᠋ ᠪᠡᠨ ᠪᠢᠲᠡᠭᠡᠢ ᠮᠠᠭᠤᠯᠠ᠂ ᠥᠭᠡᠷ᠎ᠡ ᠪᠤᠰᠤᠳ ᠬᠥᠮᠦᠨ ᠴᠢᠮ᠎ᠠ ᠶ᠋ᠢ ᠰᠠᠨᠠᠭ᠎ᠠ ᠶ᠋ᠢ ᠴᠢᠨᠢ ᠬᠠᠩᠭᠠᠲᠠᠯ᠎ᠠ ᠮᠠᠭᠤᠯᠠᠬᠤ ᠶᠤᠮ ᠰᠢᠦ》 ᠭᠡᠵᠦ ᠰᠡᠷᠡᠩ ᠬᠠᠩᠭᠠᠢ ᠶᠠᠷᠢᠬᠤ ᠶᠤᠮ
   ᠵᠢᠷᠦᠬᠡ ᠶ᠋ᠢ ᠪᠠᠵᠠᠭᠰᠠᠨ ᠡᠨᠡ ᠦᠭᠡᠨ ᠳ᠋ᠦ᠍ ᠦᠷᠴᠢᠬᠡᠷ ᠡᠮᠡᠭᠡᠨ ᠰᠡᠬᠡᠭᠡᠷᠡᠨ ᠰᠡᠷᠡᠵᠦ᠂ ᠡᠪᠦᠭᠡᠨ ᠲᠠᠭᠲᠠᠭ᠎ᠠ ᠵᠦᠭ ᠬᠠᠷᠠᠭᠠᠳ᠄《 ᠲᠡᠭᠡᠪᠡᠯ ᠪᠢ ᠴᠣᠬᠣᠮ ᠶᠠᠭᠠᠬᠢᠪᠠᠯ ᠵᠣᠬᠢᠬᠤ ᠪᠣᠢ?》 ᠭᠡᠬᠦ ᠳ᠋ᠦ᠍᠂ ᠡᠪᠦᠭᠡᠨ ᠲᠠᠭᠲᠠᠭ᠎ᠠ ᠡᠷᠡᠰ ᠰᠢᠭᠤᠷᠬᠠᠢ ᠪᠠᠷ᠄《 ᠢᠰᠢᠭᠡ ᠢᠬᠡᠷᠡᠯᠡᠬᠦ ᠳ᠋ᠦ᠍ ᠡᠪᠡᠰᠦ ᠢᠯᠡᠭᠦᠦ ᠨᠢᠭᠡ ᠨᠠᠪᠴᠢ ᠤᠷᠭᠤᠳᠠᠭ ᠶᠤᠮ᠃ ᠡᠢᠮᠦ ᠴᠤᠪᠤᠭ᠎ᠠ ᠬᠣᠶᠠᠷ ᠦᠷ᠎ᠡ ᠴᠢᠨᠢ ᠶᠢᠷᠲᠢᠨᠴᠦ ᠳ᠋ᠦ᠍ ᠢᠷᠡᠬᠦ ᠳ᠋ᠡᠭᠡᠨ ᠠᠮᠢ ᠠᠮᠢᠨ ᠤ᠋ ᠪᠠᠨ ᠠᠮᠠᠨ ᠬᠡᠰᠡᠭ ᠢ᠋ᠶ᠋ᠡᠨ ᠠᠪᠴᠤ ᠲᠥᠷᠥᠭᠰᠡᠨ ᠳᠡ᠂ ᠠᠢᠪᠤᠭᠤ ᠲᠠᠢᠪᠤᠭᠤ ᠪᠠᠷ ᠥᠪᠡᠷ ᠦ᠋ᠨ ᠴᠢᠳᠠᠳᠠᠭ ᠦᠢᠯᠡ ᠪᠡᠨ ᠬᠢᠵᠦ᠂ ᠦᠢᠯᠡᠷ ᠢ᠋ᠶ᠋ᠡᠨ ᠪᠠᠷᠠᠭᠠᠪᠠᠯ᠂ ᠭᠠᠷ ᠢ᠋ᠶ᠋ᠠᠨ ᠬᠥᠳᠡᠯᠭᠡᠵᠦ ᠭᠠᠢ ᠪᠠᠨ ᠳᠠᠭᠤᠰᠬᠠᠪᠠᠯ ᠡᠷ᠎ᠡ ᠥᠰᠴᠦ᠂ ᠢᠰᠡᠭᠡᠢ ᠰᠤᠨᠵᠤ᠂ ᠲᠥᠷᠥ ᠰᠠᠬᠢᠬᠤ ᠬᠦᠦ ᠲᠡᠢ᠂ ᠲᠥᠷᠥᠯ  ᠲᠠᠲᠠᠬᠤ ᠥᠬᠢᠨ ᠲᠡᠢ᠂ ᠭᠣᠯᠣᠮᠲᠠ ᠰᠠᠬᠢᠬᠤ ᠬᠦᠦ ᠲᠡᠢ᠂ ᠭᠠᠯ ᠮᠠᠨᠠᠬᠤ ᠥᠬᠢᠨ ᠲᠡᠢ᠂ ᠴᠢ ᠴᠢᠨᠢ ᠬᠣᠷᠸ᠎ᠠ ᠶ᠋ᠢᠨ ᠬᠠᠮᠤᠭ  ᠵᠢᠷᠭᠠᠯ ᠢ᠋ ᠡᠳ᠋ᠯᠡᠨ᠎ᠡ  ᠰᠢᠦ ᠳᠡ》 ᠭᠡᠳ ᠬᠠᠨᠤᠮᠵᠢᠲᠠᠢᠬᠠᠨ ᠢᠨᠢᠶᠡᠯ᠎ᠡ᠃
   ᠦᠷᠴᠢᠬᠡᠷ ᠡᠮᠡᠭᠡᠨ ᠣᠷᠣᠢ ᠶ᠋ᠢᠨ ᠦᠰᠦ ᠨᠢ ᠣᠪᠣᠯᠵᠠᠨ ᠱᠦᠷᠦᠭᠦᠰᠴᠦ ᠪᠣᠰᠤᠯ᠎ᠠ᠂ ᠤᠯᠠᠭᠠᠨ ᠠᠯᠠᠭ ᠵᠢᠷᠦᠬᠡ ᠨᠢ ᠠᠭᠤᠵᠢᠭᠤ ᠲᠠᠢᠪᠤᠭᠤᠬᠠᠨ ᠴᠣᠬᠢᠯᠬᠤ ᠪᠣᠯᠤᠯ᠎ᠠ᠃ ᠤᠰᠬᠠᠯ ᠬᠣᠶᠠᠷ ᠨᠢᠳᠦ ᠡᠴᠡ ᠨᠢ ᠣᠴᠢ ᠶ᠋ᠢᠨ ᠭᠠᠯ ᠳᠦᠷᠡᠯᠵᠡᠯ᠎ᠡ᠃
   ᠲᠡᠷᠡ ᠴᠠᠭ ᠠ᠋ᠴᠠ ᠬᠣᠢᠰᠢ ᠦᠷᠴᠢᠬᠡᠷ ᠡᠮᠡᠭᠡᠨ ᠡᠷ᠎ᠡ ᠪᠣᠰᠤᠭ᠎ᠠ ᠡᠮ᠎ᠡ ᠬᠥᠮᠦᠨ ᠪᠣᠯᠤᠯ᠎ᠠ᠂ ᠡᠷᠡᠯᠬᠡᠭ ᠳᠠᠢᠴᠢᠨ ᠠᠮᠢᠳᠤᠷᠠᠯ ᠤ᠋ᠨ ᠴᠣᠭᠴᠠᠯᠠᠭᠴᠢ ᠪᠣᠯᠤᠯ᠎ᠠ᠃《 ᠪᠢ ᠬᠡᠨ ᠪᠣᠢ》 ᠭᠡᠳᠡᠭ ᠢ᠋ᠶ᠋ᠡᠨ ᠵᠢᠩᠬᠢᠨᠢ ᠤᠬᠠᠭᠠᠷᠠᠵᠤ᠂ ᠶᠢᠷᠲᠢᠨᠴᠦ ᠳ᠋ᠦ᠍ ᠨᠡᠷ᠎ᠡ ᠪᠡᠨ ᠳᠠᠭᠤᠷᠢᠰᠤᠭᠤᠯᠵᠤ᠂ ᠮᠥᠷ ᠢ᠋ᠶ᠋ᠡᠨ ᠲᠠᠮᠠᠭᠠᠯᠠᠵᠤ ᠶᠠᠪᠤᠯ᠎ᠠ᠃
  ᠪᠢ ᠬᠡᠨ ᠪᠣᠢ
ᠲᠡᠮᠳᠡᠭ ᠢ᠋ᠶ᠋ᠡᠨ ᠳᠡᠯᠭᠡᠪᠡᠯ ᠣᠶᠤᠲᠠᠨ
ᠲᠡᠷᠭᠡ ᠪᠡᠨ ᠲᠦᠯᠬᠢᠪᠡᠯ ᠠᠵᠢᠯᠴᠢᠨ
ᠠᠶᠠᠭ᠎ᠠ ᠪᠠᠨ ᠤᠬᠢᠶᠠᠪᠠᠯ ᠦᠢᠯᠡᠴᠢᠯᠡᠭᠴᠢ
ᠠᠯᠤᠬ᠎ᠠ ᠪᠠᠨ ᠪᠠᠷᠢᠪᠠᠯ ᠳᠠᠷᠬᠠᠨ
ᠪᠢᠷ ᠢ᠋ᠶ᠋ᠡᠨ ᠪᠠᠷᠢᠪᠠᠯ ᠪᠠᠭᠰᠢ
ᠪᠦᠯᠢᠭᠦᠷ ᠢ᠋ᠶ᠋ᠡᠨ ᠪᠠᠷᠢᠪᠠᠯ ᠰᠠᠭᠠᠯᠢᠴᠢᠨ
ᠬᠠᠢᠴᠢ ᠪᠠᠨ ᠪᠠᠷᠢᠪᠠᠯ ᠣᠶᠣᠳᠠᠯᠴᠢᠨ
ᠬᠠᠳᠤᠭᠤᠷ ᠢ᠋ᠶ᠋ᠠᠨ ᠪᠠᠷᠢᠪᠠᠯ ᠲᠠᠷᠢᠶᠠᠴᠢᠨ
ᠬᠣᠭᠣᠯᠠᠢ ᠪᠠᠨ ᠭᠠᠷᠭᠠᠪᠠᠯ ᠳᠠᠭᠤᠴᠢᠨ
ᠬᠣᠷᠭᠣᠯ ᠢ᠋ᠶ᠋ᠠᠨ ᠱᠦᠭᠦᠷᠳᠡᠪᠡᠯ ᠮᠠᠯᠴᠢᠨ
ᠬᠤᠷᠤᠳ ᠢ᠋ᠶ᠋ᠠᠨ ᠵᠠᠰᠠᠪᠠᠯ ᠠᠷᠠᠯᠵᠢᠶᠠᠴᠢᠨ
ᠬᠣᠭᠣᠯᠠᠨ ᠭᠡᠷ ᠦ᠋ᠨ ᠡᠷᠬᠢᠯᠡᠭᠴᠢ
ᠬᠦᠷᠵᠡ ᠪᠡᠨ ᠮᠥᠷᠥᠯᠡᠪᠡᠯ ᠬᠥᠳᠡᠯᠮᠦᠷᠢᠴᠢᠨ
ᠬᠦᠨᠳᠦᠲᠦ ᠪᠤᠭᠤᠷᠤᠯ ᠤ᠋ᠨ ᠢ᠋ᠶ᠋ᠠᠨ ᠥᠬᠢᠨ
ᠬᠥᠭᠡᠷᠦᠬᠦᠨ ᠦᠷᠡᠰ ᠦ᠋ᠨ ᠢ᠋ᠶ᠋ᠡᠨ ᠡᠵᠢ
ᠬᠥᠮᠦᠨ ᠦ᠌ ᠣᠷᠴᠢᠯᠠᠩ ᠤ᠋ᠨ ᠢᠨᠵᠧᠨᠧᠷᠢᠩ
ᠲᠣᠰᠣᠨ ᠵᠢᠷᠦᠬᠡ ᠶ᠋ᠢᠨ ᠡᠵᠡᠨᠲᠡᠨ
ᠳᠤᠯᠠᠭᠠᠨ ᠠᠮᠢᠳᠤᠷᠠᠯ ᠤ᠋ᠨ ᠴᠣᠭᠴᠠᠯᠠᠭᠴᠢ
ᠲᠣᠯᠪᠣᠲᠤ ᠮᠣᠩᠭᠣᠯ ᠤ᠋ᠨ ᠬᠣᠢᠴᠢᠰ
ᠳᠤᠷᠠᠢᠭᠰᠠᠨ ᠮᠥᠷ ᠲᠡᠢ ᠡᠮᠡᠭᠲᠡᠢ
ᠠᠰᠢᠳᠠ ᠦᠢᠯᠡᠳᠪᠦᠷᠢ ᠶ᠋ᠢᠨ ᠡᠵᠡᠭᠲᠡᠢ
ᠠᠯᠠᠭ ᠦᠷᠡᠰ ᠦ᠋ᠨ ᠢ᠋ᠶ᠋ᠡᠨ ᠲᠦᠰᠢᠭ
ᠬᠥᠷ ᠢᠨᠢᠶᠡᠳᠦ ᠴᠠᠯᠭᠢᠮ᠎ᠠ ᠠᠮᠢᠳᠤᠷᠠᠳᠠᠭ
ᠬᠥᠬᠡ ᠲᠣᠯᠪᠣᠲᠤ ᠮᠣᠩᠭᠣᠯ ᠪᠠᠭᠰᠢ ᠠ᠋
   ᠦᠷᠴᠢᠬᠡᠷ ᠡᠮᠡᠭᠡᠨ ᠡᠷᠬᠢᠯᠡᠭᠰᠡᠨ ᠦᠢᠯᠡᠳᠪᠦᠷᠢ᠂ ᠳᠡᠯᠭᠡᠭᠦᠷ ᠪᠦᠬᠦᠨ ᠦ᠌ ᠪᠡᠨ ᠡᠭᠦᠳᠡᠨ ᠳ᠋ᠦ᠍ ᠡᠪᠦᠭᠡᠨ ᠲᠠᠭᠲᠠᠭ᠎ᠠ ᠳ᠋ᠤ᠌ ᠬᠣᠭᠣᠯᠠ ᠪᠡᠯᠡᠳᠬᠡᠳᠡᠭ ᠪᠣᠯᠤᠯ᠎ᠠ᠂ ᠡᠪᠦᠭᠡᠨ ᠲᠠᠭᠲᠠᠭ᠎ᠠ ᠬᠦᠷᠬᠦ ᠪᠣᠯᠭᠠᠨ ᠳ᠋ᠠᠭᠠᠨ ᠦᠨᠡᠲᠦ ᠢᠷᠦᠭᠡᠯ ᠢ᠋ᠶ᠋ᠡᠨ ᠬᠠᠷᠠᠮ ᠦᠭᠡᠢ ᠬᠠᠢᠷᠠᠯᠠᠳᠠᠭ ᠪᠠᠢᠯ᠎ᠠ᠃  ᠦᠷᠴᠢᠬᠡᠷ ᠡᠮᠡᠭᠡᠨ ᠦ᠌ ᠳ᠋ᠦ᠍ ᠡᠪᠦᠭᠡᠨ ᠲᠠᠭᠲᠠᠭ᠎ᠠ ᠶ᠋ᠢᠨ ᠢᠷᠦᠭᠡᠯ ᠰᠢᠩᠭᠡᠵᠦ᠂ ᠡᠷᠦᠬᠡ ᠭᠡᠷ ᠲᠤᠨᠢ ᠨᠠᠷᠠ ᠭᠠᠷᠤᠯ᠎ᠠ᠃
   ᠦᠷᠴᠢᠬᠡᠷ ᠡᠮᠡᠭᠡᠨ ᠦ᠌ ᠦᠷ᠎ᠡ ᠬᠡᠦᠬᠡᠳ ᠨᠢ ᠥᠪᠡᠷ ᠦ᠋ᠨ ᠭᠡᠰᠡᠨ ᠦᠢᠯᠡᠰ ᠲᠡᠢ᠂ ᠬᠠᠨᠢ ᠲᠠᠢ᠂ ᠢᠵᠢᠯᠢ ᠲᠡᠢ ᠪᠣᠯᠤᠯ᠎ᠠ᠂  ᠦᠷᠴᠢᠬᠡᠷ ᠡᠮᠡᠭᠡᠨ ᠦᠷ᠎ᠡ ᠶ᠋ᠢᠨ ᠢ᠋ᠶ᠋ᠡᠨ ᠰᠠᠢᠨ ᠳ᠋ᠤ᠌ ᠪᠠᠬᠠᠳᠤᠵᠤ᠂ ᠦᠢᠯᠡᠰ ᠦ᠋ᠨ ᠢ᠋ᠶ᠋ᠡᠨ ᠰᠠᠢᠬᠠᠨ ᠳ᠋ᠤ᠌ ᠪᠡᠶᠡᠰᠴᠦ ᠡᠳᠦᠷ ᠪᠣᠯᠭᠠᠨ ᠡᠷᠲᠡ ᠶ᠋ᠢᠨ ᠨᠠᠷᠠᠨ ᠢ᠋ᠶ᠋ᠠᠷ ᠡᠪᠦᠭᠡᠨ ᠲᠠᠭᠲᠠᠭ᠎ᠠ ᠳ᠋ᠤ᠌ ᠬᠣᠭᠣᠯᠠ ᠶ᠋ᠢ ᠨᠢ ᠬᠢᠵᠦ ᠥᠭᠴᠢᠬᠡᠭᠡᠳ᠄《 ᠬᠥᠮᠦᠨ ᠠᠮᠢᠲᠠᠨ ᠪᠦᠬᠦᠨ ᠭᠡᠵᠦ ᠭᠠᠭᠴᠠᠬᠠᠨ ᠵᠣᠷᠢᠭ ᠢ᠋ᠶ᠋ᠠᠷ ᠭᠠᠯᠠᠪ ᠤ᠋ᠨ ᠭᠠᠢᠬᠠᠮᠰᠢᠭ ᠢ᠋ ᠡᠭᠦᠳᠳᠡᠭ ᠶᠦᠮ ᠪᠠᠢᠨ᠎ᠠ》 ᠭᠡᠴᠢᠬᠡᠭᠰᠡᠨ ᠮᠠᠢᠵᠢᠭᠢᠨᠠᠨ᠎ᠠ᠃
    ᠡᠪᠦᠭᠡᠨ ᠲᠠᠭᠲᠠᠭ᠎ᠠ ᠲᠠᠩᠳᠠ ᠡᠭᠦᠷ ᠥᠨᠳᠡᠭᠡ ᠪᠡᠷ ᠢ᠋ᠶ᠋ᠡᠨ ᠢᠷᠡᠵᠦ  ᠦᠷᠴᠢᠬᠡᠷ ᠡᠮᠡᠭᠡᠨ ᠢ᠋ ᠲᠣᠭᠣᠷᠢᠨ ᠰᠠᠭᠤᠵᠤ᠂ ᠥᠨᠳᠥᠷ ᠲᠠᠭᠲᠤ ᠶ᠋ᠢᠨ ᠳᠡᠭᠡᠳᠦ ᠣᠷᠣᠢ ᠳ᠋ᠤ᠌᠂ ᠡᠨᠡ ᠬᠣᠶᠠᠷ ᠠᠢᠯ ᠡᠳᠦᠷᠵᠢᠨ ᠨᠠᠢᠷᠰᠠᠭ ᠨᠠᠷᠭᠢᠵᠤ ᠵᠢᠷᠭᠠᠳᠠᠭ ᠪᠣᠯᠤᠭᠰᠠᠨ ᠪᠠᠢᠨ᠎ᠠ᠃
         
         ᠦᠰᠦᠭ ᠠᠮᠢᠯᠠᠭᠤᠯᠤᠭᠴᠢ᠄ ᠵᠢᠷᠠᠨᠲᠠᠢ
         ᠬᠢᠨᠠᠭᠴᠢ᠄ ᠠᠯᠲᠠᠨᠴᠢᠮᠡᠭ᠂ ᠤᠤᠭᠠᠨᠵᠢᠳ