ᠮᠣᠩᠭᠣᠯ ᠠᠳᠤᠭᠤ ᠭᠡᠵᠦ ᠡᠢᠮᠦ ᠯᠡ ᠠᠭᠤᠤ ᠠᠮᠢᠲᠠᠨ ᠳ᠋ᠠМонгол адуу гэж ийм л агуу амьтан да ᠲᠠᠪᠤᠨ ᠬᠣᠰᠢᠭᠤ ᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠠᠳᠤᠭᠤ ᠭᠡᠵᠦ ᠡᠢᠮᠦ ᠯᠡ ᠠᠭᠤᠤ ᠠᠮᠢᠲᠠᠨ ᠳ᠋ᠠМонгол адуу гэж ийм л агуу амьтан да

ᠮᠣᠩᠭᠣᠯ ᠠᠳᠤᠭᠤ ᠭᠡᠵᠦ ᠡᠢᠮᠦ ᠯᠡ ᠠᠭᠤᠤ ᠠᠮᠢᠲᠠᠨ ᠳ᠋ᠠМонгол адуу гэж ийм л агуу амьтан да

2025-04-26

725

ᠮᠣᠩᠭᠣᠯ ᠠᠳᠤᠭᠤ ᠭᠡᠵᠦ ᠡᠢᠮᠦ ᠯᠡ ᠠᠭᠤᠤ ᠠᠮᠢᠲᠠᠨ ᠳ᠋ᠠ

    ᠮᠢᠨᠦ ᠨᠠᠢᠵᠠ ᠶ᠋ᠢᠨ ᠨᠢᠭᠡ ᠭᠡᠭᠦᠦ ᠨᠢ ᠴᠠᠭᠠᠳᠤ ᠰᠥᠨᠢ ᠤᠨᠠᠭᠠᠯᠠᠬᠤ ᠭᠡᠳ ᠪᠠᠷᠳᠠᠵᠤ᠂ ᠬᠥᠭᠡᠷᠦᠬᠦᠢ ᠤᠨᠠᠭ᠎ᠠ ᠨᠢ ᠦᠬᠦᠭᠰᠡᠨ ᠡᠬᠡ ᠡᠴᠡ ᠪᠡᠨ ᠭᠠᠵᠠᠷ ᠢᠯᠡᠭᠦᠦ ᠵᠠᠢᠲᠠᠢ ᠬᠣᠢᠲᠤ ᠡᠩᠭᠡᠷ ᠲᠦ᠍ ᠨᠢ ᠬᠡᠪᠲᠡᠵᠦ ᠪᠠᠢᠬᠤ ᠳ᠋ᠤ᠌ ᠨᠢ ᠤᠰᠤᠨ ᠳ᠋ᠤ᠌ ᠴᠤᠪᠤᠭᠰᠠᠨ ᠠᠳᠤᠭᠤᠳ ᠶᠠᠭ ᠡᠨᠡ ᠤᠨᠠᠭ᠎ᠠ ᠬᠡᠪᠲᠡᠵᠦ ᠪᠠᠢᠭᠰᠠᠨ ᠭᠠᠵᠠᠷ ᠢ᠋ᠶ᠋ᠠᠷ ᠳᠠᠮᠵᠢᠭᠠᠳ ᠥᠩᠭᠡᠷᠡᠬᠦ ᠳ᠋ᠦ᠍ ᠡᠨᠡ ᠰᠦᠷᠦᠭ ᠠᠳᠤᠭᠤᠨ ᠡᠴᠡ ᠨᠢᠭᠡ ᠬᠡᠭᠡᠭᠴᠢ ᠭᠡᠭᠦᠦ ᠥᠨᠥᠴᠢᠨ ᠤᠨᠠᠭ᠎ᠠ ᠶ᠋ᠢ ᠰᠢᠭᠤᠳ ᠬᠦᠷᠦᠭᠡᠳ ᠦᠨᠦᠷᠯᠡᠵᠦ ᠦᠨᠦᠷᠯᠡᠭᠡᠳ᠂ ᠠᠬᠢᠨ ᠬᠣᠶᠠᠷ ᠡᠷᠭᠢᠴᠡᠭᠡᠳ ᠪᠤᠴᠠᠵᠤ ᠢᠷᠡᠭᠡᠳ ᠳᠠᠭᠠᠭᠤᠯᠤᠭᠠᠳ ᠶᠠᠪᠤᠭᠰᠠᠨ ᠭᠡᠨ᠎ᠡ᠂ ᠥᠴᠥᠭᠡᠳᠦᠷ ᠨᠠᠮ᠎ᠠ ᠶ᠋ᠢ ᠢᠷᠡᠬᠦᠯᠡᠷ ᠨᠠᠢᠵᠠ ᠮᠠᠨᠢ ᠡᠨᠡᠬᠦ ᠤᠴᠠᠷᠠᠯ ᠢ᠋ᠶ᠋ᠠᠨ ᠬᠡᠯᠡᠭᠡᠳ ᠬᠣᠶᠠᠭᠤᠯᠠ ᠪᠠᠨ ᠮᠠᠰᠢᠨ ᠲᠠᠢ ᠶᠠᠪᠤᠭᠠᠳ᠂ ᠡᠨᠳᠡᠭᠰᠡᠨ ᠡᠬᠡ ᠶ᠋ᠢ ᠨᠢ ᠴᠢᠷᠴᠦ ᠠᠭᠤᠯᠠ ᠶ᠋ᠢᠨ ᠣᠷᠣᠢ ᠳ᠋ᠤ᠌ ᠲᠠᠯᠪᠢᠭᠠᠳ᠂ ᠪᠤᠴᠠᠵᠤ ᠢᠷᠡᠭᠡᠳ ᠮᠢᠨᠦ ᠪᠢᠴᠢᠭᠰᠡᠨ ᠪᠢᠴᠢᠯᠭᠡ᠃
ᠮᠠᠰᠢᠨ ᠪᠠᠷᠢᠴᠢᠬᠠᠭᠰᠠᠨ᠂ ᠰᠡᠳᠬᠢᠯ ᠡᠪᠬᠡᠷᠡᠭᠰᠡᠨ ᠲᠡᠢ᠂ ᠬᠠᠵᠠᠭᠤ ᠳ᠋ᠤ᠌ ᠮᠠᠨ ᠤ᠋ ᠨᠥᠬᠥᠷ ᠰᠠᠭᠭᠠᠭᠠᠳ ᠪᠠᠷᠬᠢᠷᠠᠭᠰᠠᠨ ᠲᠠᠢ ᠴᠣᠬᠣᠮ ᠡᠪ ᠦᠭᠡᠢ ᠪᠢᠴᠢᠭᠰᠡᠨ ᠮᠠᠭᠠᠳ᠂ ᠵᠠᠷᠢᠮ ᠳ᠋ᠤ᠌ ᠪᠠᠨ ᠤᠲᠠᠰᠤ ᠪᠠᠨ ᠬᠠᠷᠠᠬᠤ ᠦᠭᠡᠢ᠂ ᠤᠲᠠᠰᠤᠨ ᠳᠡᠭᠡᠭᠦᠷ ᠨᠢ ᠬᠠᠷᠠᠭᠠᠳ᠂ ᠰᠠᠶᠢ ᠪᠠᠰᠠ ᠣᠴᠢᠵᠤ ᠦᠵᠡᠭᠡᠳ ᠢᠷᠡᠯ᠎ᠡ᠂ ᠤᠨᠠᠭ᠎ᠠ ᠵᠦᠭᠡᠷ ᠪᠣᠨᠲᠣᠢᠲᠠᠯ᠎ᠠ ᠴᠠᠳᠤᠭᠤᠨ ᠰᠢᠨ᠎ᠡ ᠡᠬᠡ ᠪᠡᠨ ᠳᠠᠭᠠᠭᠠᠳ ᠭᠦᠶᠦᠵᠦ ᠪᠠᠢᠨ᠎ᠠ᠂᠂ ᠭᠣᠣᠯ ᠨᠢ ᠡᠨᠡ ᠰᠢᠨ᠎ᠡ ᠡᠬᠡ ᠨᠢ ᠬᠡᠳᠦ ᠬᠣᠨᠣᠭ ᠠ᠋ᠴᠠ ᠤᠨᠠᠭᠠᠯᠠᠨ᠎ᠠ᠂  ᠢᠬᠡᠷᠡᠯᠡᠭᠰᠡᠨ ᠭᠠᠢᠬᠠᠯᠲᠠᠢ ᠲᠡᠦᠬᠡ ᠪᠣᠯᠬᠤ ᠪᠠᠢᠬ᠎ᠠ ᠭᠡᠵᠦ ᠪᠣᠳᠣᠵᠤ ᠪᠠᠢᠨ᠎ᠠ᠃ ᠰᠠᠶᠢ ᠣᠴᠢᠵᠤ ᠦᠵᠡᠭᠡᠳ ᠥᠪᠡᠷ ᠦ᠋ᠨ ᠡᠷᠬᠡ ᠦᠭᠡᠢ ᠰᠡᠳᠬᠢᠯ ᠡᠪᠬᠡᠷᠡᠭᠡᠳ ᠶᠠᠪᠤᠴᠢᠬᠠᠯ᠎ᠠ᠂ ᠮᠣᠩᠭᠣᠯ ᠠᠳᠤᠭᠤ ᠭᠡᠵᠦ ᠡᠢᠮᠦ ᠯᠡ ᠠᠭᠤᠤ ᠠᠮᠢᠲᠠᠨ ᠳᠠ
 
ᠢᠷᠡᠯᠲᠡ᠄ ᠪᠠᠢᠨᠠᠤ ᠰᠣᠹᠲ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠬᠢᠨᠠᠭᠴᠢ᠄ ᠭᠠᠷᠮ᠎ᠠ