ᠵᠠᠷᠤᠳ ᠤ᠋ᠨ ᠡᠭᠦᠰᠦᠯ ᠭᠠᠷᠤᠯ ᠤ᠋ᠨ ᠲᠤᠬᠠᠢ-ᠪᠣᠷᠵᠢᠭᠢᠳᠠᠢ ᠣᠶᠤᠨᠪᠢᠯᠢᠭ᠌Заруудын үүсэл гарлын тухай-Боржигидай Оюунбилэг ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠷᠤᠳ ᠤ᠋ᠨ ᠡᠭᠦᠰᠦᠯ ᠭᠠᠷᠤᠯ ᠤ᠋ᠨ ᠲᠤᠬᠠᠢ-ᠪᠣᠷᠵᠢᠭᠢᠳᠠᠢ ᠣᠶᠤᠨᠪᠢᠯᠢᠭ᠌Заруудын үүсэл гарлын тухай-Боржигидай Оюунбилэг

ᠵᠠᠷᠤᠳ ᠤ᠋ᠨ ᠡᠭᠦᠰᠦᠯ ᠭᠠᠷᠤᠯ ᠤ᠋ᠨ ᠲᠤᠬᠠᠢ-ᠪᠣᠷᠵᠢᠭᠢᠳᠠᠢ ᠣᠶᠤᠨᠪᠢᠯᠢᠭ᠌Заруудын үүсэл гарлын тухай-Боржигидай Оюунбилэг

2025-04-26

578

ᠵᠠᠷᠤᠳ ᠤ᠋ᠨ ᠡᠭᠦᠰᠦᠯ ᠭᠠᠷᠤᠯ ᠤ᠋ᠨ ᠲᠤᠬᠠᠢ

  ᠪᠣᠷᠵᠢᠭᠢᠳᠠᠢ ᠣᠶᠤᠨᠪᠢᠯᠢᠭ᠌  

  ᠶᠠᠫᠣᠨ ᠡᠷᠳᠡᠮᠲᠡᠨ ᠾ ᠤᠺᠠᠳᠡ ᠮᠣᠩᠭᠣᠯ ᠤ᠋ᠨ ᠵᠢᠷᠭᠤᠭᠠᠨ ᠲᠦᠮᠡᠨ ᠦ᠌ ᠢᠷᠡᠯ ᠭᠠᠷᠤᠯ ᠢ᠋ ᠥᠭᠦᠯᠡᠬᠦ ᠳ᠋ᠦ᠍ ᠪᠡᠨ ᠬᠠᠯᠬ᠎ᠠ ᠲᠦᠮᠡᠨ ᠢ᠋ ᠶᠤᠸᠠᠨ ᠤᠯᠤᠰ ᠤ᠋ᠨ ᠦᠶ᠎ᠡ ᠶ᠋ᠢᠨ ᠵᠠᠯᠠᠢᠷ ᠲᠡᠷᠢᠭᠦᠲᠡᠢ ᠵᠡᠭᠦᠨ ᠭᠠᠷ ᠤ᠋ᠨ ᠲᠠᠪᠤᠨ ᠠᠢᠮᠠᠭ ᠠ᠋ᠴᠠ ᠪᠦᠷᠢᠯᠳᠦᠭᠰᠡᠨ ᠭᠡᠵᠦ ᠦᠵᠡᠭᠰᠡᠨ ᠤᠴᠢᠷ ᠠ᠋ᠴᠠ ᠮᠣᠷᠢᠺᠸᠠ ᠨᠠᠷ ᠬᠦᠯᠢᠶᠡᠨ ᠵᠥᠪᠰᠢᠶᠡᠷᠡᠵᠦ᠂ ᠵᠠᠯᠭᠠᠭᠠᠳ ᠬᠥᠮᠦᠰ ᠪᠠᠷᠤᠭ ᠪᠦᠷ ᠲᠡᠭᠡᠵᠦ ᠦᠵᠡᠳᠡᠭ ᠪᠣᠯᠪᠠ᠃ ᠬᠠᠯᠬ᠎ᠠ ᠶ᠋ᠢᠨ ᠨᠢᠭᠡ ᠪᠦᠷᠢᠯᠳᠦᠬᠦᠨ ᠪᠣᠯᠤᠭᠰᠠᠨ ᠵᠠᠷᠤᠳ ᠢ᠋ ᠮᠥᠨ ᠲᠠᠪᠤᠨ ᠠᠢᠮᠠᠭ ᠠ᠋ᠴᠠ ᠭᠠᠷᠤᠯᠲᠠᠢ ᠭᠡᠵᠦ ᠦᠵᠡᠳᠡᠭ᠃ ᠬᠠᠯᠬ᠎ᠠ ᠲᠦᠮᠡᠨ ᠦ᠌ ᠢᠷᠡᠯ ᠭᠠᠷᠤᠯ ᠵᠡᠭᠦᠨ ᠲᠠᠪᠤᠨ ᠠᠢᠮᠠᠭ ᠲᠠᠢ ᠨᠢᠭᠲᠠ ᠬᠣᠯᠪᠣᠭᠠᠲᠠᠢ ᠪᠣᠯᠪᠠᠴᠤ ᠲᠡᠭᠦᠨ ᠦ᠌ ᠪᠦᠬᠦ ᠣᠲᠣᠭ ᠲᠡᠨᠳᠡ ᠡᠴᠡ ᠢᠷᠡᠯᠲᠡᠢ ᠭᠡᠰᠡᠨ ᠶᠠᠪᠤᠳᠠᠯ ᠪᠠᠢᠬᠤ ᠦᠭᠡᠢ᠃ ᠭᠡᠪᠡᠴᠦ᠂ ᠣᠯᠳᠣᠢ ᠪᠢ ᠪᠠᠰᠠ ᠥᠩᠭᠡᠷᠡᠭᠰᠡᠨ ᠳ᠋ᠦ᠍ ᠡᠨᠡ ᠦᠵᠡᠯᠲᠡ ᠳ᠋ᠦ᠍ ᠨᠥᠯᠥᠭᠡᠯᠡᠭᠳᠡᠵᠦ᠂ ᠬᠥᠮᠦᠰ ᠢ᠋ ᠳᠠᠭᠠᠵᠤ ᠥᠭᠦᠯᠡᠭᠰᠡᠨ ᠵᠦᠢᠯ ᠪᠣᠢ᠃ ᠡᠢᠮᠦ ᠡᠴᠡ ᠵᠣᠬᠢᠶᠠᠭᠴᠢ ᠲᠤᠰ ᠥᠭᠦᠯᠡᠯ ᠳ᠋ᠦ᠍ ᠪᠡᠨ ᠵᠠᠷᠤᠳ ᠠᠢᠮᠠᠭ ᠤ᠋ᠨ ᠡᠭᠦᠰᠦᠯ ᠭᠠᠷᠤᠯ ᠤ᠋ᠨ ᠤᠴᠢᠷ ᠢ᠋ ᠨᠡᠯᠢᠶᠡᠳ ᠨᠠᠷᠢᠨ ᠰᠤᠳᠤᠯᠤᠨ ᠦᠵᠡᠪᠡ᠃ ᠮᠡᠷᠭᠡᠳ ᠲᠣᠯᠢᠳᠠᠮᠤ᠃
ᠨᠢᠭᠡ᠂
  ᠵᠠᠷᠤᠳ ᠭᠡᠳᠡᠭ ᠨᠡᠷ᠎ᠡ ᠮᠣᠩᠭᠣᠯ ᠰᠤᠷᠪᠤᠯᠵᠢ ᠪᠢᠴᠢᠭ ᠲᠦ᠍ 1662 ᠣᠨ ᠳ᠋ᠤ᠌ ᠵᠣᠬᠢᠶᠠᠭᠳᠠᠭᠰᠠᠨ ᠰᠠᠭᠠᠩ ᠰᠡᠴᠡᠨ ᠦ᠌ ᠡᠷᠳᠡᠨᠢ ᠶ᠋ᠢᠨ ᠲᠣᠪᠴᠢ ᠳ᠋ᠤ᠌ ᠳᠠᠶᠠᠨ ᠬᠠᠭᠠᠨ ᠤ᠋ ᠦᠢᠯᠡ ᠬᠡᠷᠡᠭ ᠢ᠋ ᠲᠡᠮᠳᠡᠭᠯᠡᠭᠰᠡᠨ ᠬᠡᠰᠡᠭ ᠲᠦ᠍ ᠠᠩᠬ᠎ᠠ ᠤᠳᠠᠭ᠎ᠠ ᠵᠠᠷᠤᠭᠤᠳ ᠪᠢᠴᠢᠯᠭᠡ ᠪᠡᠷ ᠢᠯᠡᠷᠡᠭᠰᠡᠨ ᠶᠦ᠍ᠮ᠃ ᠲᠡᠭᠦᠨ ᠳ᠋ᠦ᠍ ᠥᠭᠦᠯᠡᠭᠰᠡᠨ ᠨᠢ ᠄ ᠳᠠᠶᠠᠨ ᠬᠠᠭᠠᠨ ᠬᠥᠪᠡᠭᠦᠨ ᠤᠯᠤᠰ ᠪᠠᠢᠬᠤ ᠶ᠋ᠢ ᠣᠷᠳᠣᠰ᠂ ᠲᠦᠮᠡᠳ᠂ ᠶᠦᠩᠰᠢᠶᠡᠪᠤ ᠪᠠᠷᠠᠭᠤᠨ ᠭᠤᠷᠪᠠᠨ ᠲᠦᠮᠡᠨ ᠦ᠌ ᠲᠥᠷᠥ ᠶ᠋ᠢ ᠵᠠᠰᠠᠭᠤᠯᠠᠷ᠎ᠠ ᠢᠯᠡᠭᠡᠭᠰᠡᠨ᠎ᠡ᠂ᠪᠠᠷᠠᠭᠤᠨ ᠭᠤᠷᠪᠠᠨ ᠲᠦᠮᠡᠨ ᠦ᠌ ᠦᠢᠭᠤᠳ ᠤ᠋ᠨ ᠢᠪᠷᠠᠢ ᠲᠠᠢᠰᠢ᠂ ᠣᠷᠳᠣᠰ ᠤ᠋ᠨ ᠯᠠᠭᠦᠰᠢ ᠠᠬᠠᠯᠠᠬᠤ ᠨᠠᠷ ᠤᠷᠪᠠᠵᠤ᠂ ᠤᠯᠤᠰ ᠪᠠᠢᠬᠤ ᠶ᠋ᠢ ᠬᠣᠷᠣᠭᠠᠵᠠᠢ᠃ ᠳᠠᠶᠠᠨ ᠬᠠᠭᠠᠨ ᠲᠡᠷᠡ ᠤᠷᠪᠠᠭᠠᠨ ᠢ᠋ ᠳᠠᠷᠤᠬᠤ ᠪᠠᠷ ᠴᠠᠬᠠᠷ᠂ ᠬᠠᠯᠬ᠎ᠠ᠂ ᠣᠷᠢᠶᠠᠩᠬᠠᠨ ᠵᠡᠷᠭᠡ ᠵᠡᠭᠦᠨ ᠭᠤᠷᠪᠠᠨ ᠲᠦᠮᠡᠨ ᠪᠠ ᠬᠣᠷᠴᠢᠨ ᠲᠦᠮᠡᠨ ᠦ᠌ ᠴᠡᠷᠢᠭ ᠢ᠋ ᠳᠠᠢᠴᠢᠯᠠᠵᠤ ᠪᠠᠷᠠᠭᠤᠨ ᠭᠤᠷᠪᠠᠨ ᠳ᠋ᠤ᠌ ᠴᠡᠷᠢᠭ ᠮᠣᠷᠳᠠᠵᠤ᠂ ᠳᠠᠯᠠᠨ ᠲᠡᠷᠢᠭᠦᠨ ᠳ᠋ᠦ᠍ ᠶᠡᠬᠡᠳᠡ ᠪᠠᠢᠯᠳᠤᠪᠠ᠃ ᠲᠡᠢᠨ ᠡᠬᠢᠯᠡᠬᠦ ᠦᠶ᠎ᠡ ᠳ᠋ᠦ᠍᠂ ᠳᠠᠶᠠᠨ ᠬᠠᠭᠠᠨ ᠵᠠᠷᠯᠢᠭ ᠪᠣᠯᠵᠤ ᠥᠭᠦᠯᠡᠭᠰᠡᠨ ᠠᠨᠤ ᠄ ᠣᠷᠳᠣᠰ ᠡᠵᠡᠨ ᠦ᠌ ᠨᠠᠢ᠍ᠮᠠᠨ ᠴᠠᠭᠠᠨ ᠭᠡᠷ ᠢ᠋ ᠬᠠᠳᠠᠭᠠᠯᠠᠭᠰᠠᠨ ᠶᠡᠬᠡ ᠵᠠᠶᠠᠭᠠᠲᠤ ᠤᠯᠤᠰ ᠪᠥᠯᠥᠭᠡ᠂ ᠲᠡᠭᠦᠨ ᠯᠦ᠍ᠭᠡ ᠤᠷᠢᠶᠠᠩᠬᠠᠨ ᠮᠥᠨ ᠡᠵᠡᠨ ᠦ᠌ ᠠᠯᠲᠠᠨ ᠬᠥᠮᠥᠷᠭᠡ ᠶ᠋ᠢ ᠰᠠᠬᠢᠭᠰᠠᠨ ᠪᠠᠰᠠ ᠶᠡᠬᠡ ᠵᠠᠶᠠᠭᠠᠲᠤ ᠤᠯᠤᠰ᠂ ᠬᠣᠣᠷᠴᠢᠨ (ᠬᠣᠷᠴᠢᠨ) ᠠᠪᠠᠭ᠎ᠠ ᠳ᠋ᠤᠷ ᠲᠤᠰᠠᠯᠠᠲᠤᠭᠠᠢ ᠠᠷᠪᠠᠨ ᠬᠣᠶᠠᠷ ᠲᠦᠮᠡᠳ ᠲᠡᠢ ᠠᠷᠪᠠᠨ ᠬᠣᠶᠠᠷ ᠣᠲᠣᠭ ᠬᠠᠯᠬ᠎ᠠ᠂ ᠲᠦᠩ ᠶᠡᠬᠡ ᠶᠤᠩᠰᠢᠶᠠᠪᠤ ᠲᠠᠢ ᠨᠠᠢ᠍ᠮᠠᠨ ᠣᠲᠣᠭ ᠴᠠᠬᠠᠷ ᠲᠤᠰ ᠲᠤᠰ ᠪᠠᠢᠯᠳᠤ ᠬᠡᠮᠡᠪᠡᠢ᠃ ᠲᠡᠭᠡᠬᠦ ᠳ᠋ᠦ᠍᠂ ᠬᠣᠷᠴᠢᠨ ᠤ᠋ ᠪᠤᠷᠬᠠᠢ ᠪᠠᠭᠠᠲᠤᠷ ᠲᠠᠢᠵᠢ᠂ ᠣᠷᠢᠶᠠᠩᠬᠠᠨ ᠤ᠋ ᠪᠠᠭᠠᠲᠤᠷ ᠪᠠᠶᠠᠬᠠᠢ᠂ ᠲᠠᠪᠤᠨ ᠣᠲᠣᠭ ᠬᠠᠯᠬ᠎ᠠ ᠶ᠋ᠢᠨ ᠪᠠᠭᠠᠰᠤᠨ ᠲᠠᠪᠤᠨᠠᠩ ᠭᠡᠬᠦ ᠮᠡᠲᠦᠴᠢᠯᠡᠨ ᠪᠠᠭᠠᠲᠤᠳ ᠡᠷᠡᠯᠬᠡᠭᠯᠡᠨ ᠳᠠᠭᠠᠷᠢᠵᠠᠢ (ᠶᠡᠬᠡ ᠬᠦᠷᠢᠶ᠎ᠡ ᠶ᠋ᠢᠨ ᠭᠠᠷ ᠬᠠᠭᠤᠯᠤᠮᠠᠯ 66 ) ᠡᠨᠡ ᠬᠦ᠌ ᠲᠡᠢᠨ ᠳ᠋ᠦ᠍ ᠳᠠᠶᠠᠨ ᠬᠠᠭᠠᠨ ᠤ᠋ ᠴᠡᠷᠢᠭ ᠪᠠᠷᠠᠭᠤᠨ ᠲᠦᠮᠡᠨ ᠢ᠋ ᠳᠠᠷᠤᠭᠠᠳ᠂ ᠵᠢᠷᠭᠤᠭᠠᠨ ᠲᠦᠮᠡᠨ ᠢ᠋ ᠨᠢᠭᠡᠨ ᠵᠢᠯᠤᠭᠤᠨ ᠳ᠋ᠤ᠌ ᠣᠷᠣᠭᠤᠯᠤᠨ ᠠᠪᠴᠠᠢ᠃
  ᠳᠠᠯᠠᠨ ᠲᠡᠷᠢᠭᠦᠨ ᠦ᠌ ᠲᠡᠢᠨ ᠬᠠᠭᠠᠨ ᠤ᠋ ᠦᠢᠯᠡᠰ ᠲᠦ᠍ ᠰᠢᠢᠳᠪᠦᠷᠢᠲᠦ ᠦᠢᠯᠡᠳᠦᠯ ᠭᠠᠷᠭᠠᠭᠰᠠᠨ ᠪᠣᠯᠬᠣᠷ᠂ ᠲᠡᠷᠡ ᠲᠡᠢᠨ ᠦ᠌ ᠢᠯᠠᠯᠲᠠ ᠶ᠋ᠢᠨ ᠳᠠᠷᠠᠭ᠎ᠠ᠂ ᠳᠠᠶᠠᠨ ᠬᠠᠭᠠᠨ ᠲᠡᠭᠦᠨ ᠳ᠋ᠦ᠍ ᠬᠦᠴᠦᠨ ᠦᠭᠭᠦᠭᠰᠡᠨ ᠭᠠᠪᠢᠶᠠᠲᠤ ᠰᠠᠢᠳ ᠨᠠᠷ ᠢ᠋ᠶ᠋ᠠᠨ ᠦᠪᠡᠳᠡᠭᠰᠢ ᠲᠠᠩᠰᠤᠭ ᠱᠠᠩᠨᠠᠭᠰᠠᠨ ᠠᠵᠢ᠃ ᠲᠡᠳᠡᠭᠡᠷ ᠦ᠋ᠨ ᠳᠣᠲᠣᠷ᠎ᠠ ᠠ᠋ᠴᠠ ᠠᠩᠬᠠᠷᠤᠭᠤᠰᠢᠲᠠᠢ ᠨᠢ᠂ ᠵᠠᠷᠤᠭᠤᠳ ᠤ᠋ᠨ ᠪᠠᠭᠠᠰᠤᠨ ᠳᠠᠷᠬᠠᠨ ᠲᠠᠪᠤᠨᠠᠩ ᠳ᠋ᠤᠷ᠂ ᠮᠠᠨᠳᠤᠬᠠᠢ ᠬᠠᠲᠤᠨ ᠤ᠋ ᠭᠠᠭᠴᠠ ᠠᠪᠠᠬᠠᠢ ᠲᠥᠷᠥᠯᠲᠦ ᠭᠦᠩᠵᠦ ᠶ᠋ᠢ ᠥᠭᠪᠡᠢ᠃ ᠰᠠᠭᠠᠩ ᠰᠡᠴᠡᠨ ᠄ ᠬᠠᠳ ᠤ᠋ᠨ ᠦᠨᠳᠦᠰᠦᠨ ᠦ᠌ ᠡᠷᠳᠡᠨᠢ ᠶ᠋ᠢᠨ ᠲᠣᠪᠴᠢ᠂(ᠶᠡᠬᠡ ᠬᠦᠷᠢᠶᠡᠨ ᠦ᠌ ᠭᠠᠷ ᠪᠢᠴᠢᠮᠡᠯ᠂ 66 ) ᠭᠡᠰᠡᠨ ᠶᠠᠪᠤᠳᠠᠯ ᠶᠤᠮ᠃ ᠡᠨᠳᠡ ᠮᠠᠨ ᠤ᠋ ᠭᠣᠣᠯ ᠰᠡᠳᠦᠪ ᠪᠣᠯᠤᠭᠰᠠᠨ ᠵᠠᠷᠤᠳ ᠮᠠᠨᠢ ( ᠵᠠᠷᠤᠭᠤᠳ) ᠪᠢᠴᠢᠯᠭᠡ ᠲᠡᠢ ᠠᠩᠬ᠎ᠠ ᠤᠳᠠᠭ᠎ᠠ ᠭᠠᠷᠴᠤ ᠪᠣᠢ᠃ ᠳᠠᠯᠠᠨ ᠲᠡᠷᠢᠭᠦᠨ ᠦ᠌ ᠪᠠᠢᠯᠳᠤᠭᠠᠨ ᠤ᠋ ᠲᠤᠬᠠᠢ ᠠᠩᠬ᠎ᠠ ᠲᠡᠮᠳᠡᠭᠯᠡᠭᠰᠡᠨ ᠮᠣᠩᠭᠣᠯ ᠰᠤᠷᠪᠤᠯᠵᠢ ᠪᠢᠴᠢᠭ ᠪᠣᠯ ᠶᠡᠬᠡ ᠲᠥᠯᠥᠪ ᠠᠷᠪᠠᠨ ᠳᠣᠯᠣᠳᠤᠭᠠᠷ ᠵᠠᠭᠤᠨ ᠤ᠋ ᠡᠬᠢ ᠪᠡᠷ ᠵᠣᠬᠢᠶᠠᠭᠳᠠᠭᠰᠠᠨ ᠵᠣᠬᠢᠶᠠᠭᠴᠢ ᠶ᠋ᠢᠨ ᠨᠡᠷ᠎ᠡ ᠨᠢ ᠮᠡᠳᠡᠭᠳᠡᠬᠦ ᠪᠡᠨ ᠪᠣᠯᠢᠭᠰᠠᠨ ᠬᠠᠳ ᠤ᠋ᠨ ᠦᠨᠳᠦᠰᠦᠨ ᠦ᠌ ᠬᠤᠷᠢᠶᠠᠩᠭᠤᠢ ᠠᠯᠲᠠᠨ ᠲᠣᠪᠴᠢ ( ᠪᠠᠭ᠎ᠠ ᠠᠯᠲᠠᠨ ᠲᠣᠪᠴᠢ) ᠶᠤᠮ᠃ ᠴᠠᠬᠠᠷ ᠤ᠋ᠨ ᠪᠣᠷᠪᠤᠭ ᠤ᠋ᠨ ᠪᠠᠶᠠᠨ ᠥᠷᠮᠡᠭᠡᠷ ᠭᠡᠳᠡᠭ ᠬᠥᠮᠦᠨ ᠳᠠᠶᠠᠨ ᠬᠠᠭᠠᠨ ᠤ᠋ ᠲᠤᠭ ᠢ᠋ ᠨᠢᠭᠤᠵᠤ ᠣᠷᠣᠨ ᠳ᠋ᠤ᠌ ᠨᠢ ᠤᠷᠢᠶᠠᠩᠬᠠᠨ ᠤ᠋ ᠲᠤᠭ ᠢ᠋ ᠪᠤᠰᠬᠠᠭᠰᠠᠨ ᠳ᠋ᠤ᠌᠂ ᠪᠠᠷᠠᠭᠤᠨ ᠲᠦᠮᠡᠨ ᠦ᠌ ᠴᠡᠷᠢᠭ  ᠤ᠋ᠳ ᠬᠠᠭᠤᠷᠲᠠᠵᠤ᠂ ᠣᠷᠢᠶᠠᠩᠬᠠᠨ ᠤ᠋ ᠵᠦᠭ ᠳᠠᠭᠠᠷᠢᠵᠠᠢ᠃ ᠲᠡᠷᠡ ᠳᠠᠢᠰᠤᠨ ᠢ᠋ ᠬᠣᠷᠴᠢᠨ ᠤ᠋ ᠣᠷᠳᠤᠬᠠᠢ ᠸᠠᠩ ᠬᠢᠭᠡᠳ ᠬᠥᠪᠡᠭᠦᠨ ᠨᠢ ᠪᠤᠷᠬᠠᠢ᠂ ᠤᠷᠢᠶᠠᠩᠬᠠᠨ ᠤ᠋ ᠪᠠᠶᠠᠬᠠᠢ ᠪᠠᠭᠠᠲᠤᠷ᠂ ᠬᠣᠷᠴᠢᠨ ᠲᠠᠪᠤᠨ ᠤ᠋ ᠰᠠᠢᠨ ᠴᠠᠬᠢᠴᠠ ᠪᠠᠭᠠᠲᠤᠷ᠂ ᠲᠠᠪᠤᠨ ᠣᠲᠣᠭ ᠬᠠᠯᠬ᠎ᠠ ᠶ᠋ᠢᠨ ᠨᠣᠶᠠᠳ ᠤᠷᠤᠭ ᠤ᠋ᠨ ᠪᠠᠭᠠᠰᠤᠨ ᠲᠠᠪᠤᠨᠠᠩ ᠲᠠᠪᠤᠭᠤᠯᠠ ᠬᠣᠰᠢᠭᠤ ᠤᠳᠤᠷᠢᠳᠤᠨ ᠲᠣᠰᠴᠤ ᠪᠠᠢᠯᠳᠤᠵᠠᠢ᠃ ᠲᠡᠢᠨ ᠢᠯᠠᠭᠰᠠᠨ ᠤ᠋ ᠳᠠᠷᠠᠭ᠎ᠠ ᠳᠠᠶᠠᠨ ᠬᠠᠭᠠᠨ᠄ ᠪᠠᠭᠠᠰᠤᠨ ᠲᠠᠪᠤᠨᠠᠩ ᠳ᠋ᠤᠷ ᠰᠠᠢᠨ ᠮᠠᠨᠳᠤᠬᠠᠢ ᠬᠠᠲᠤᠨ ᠠ᠋ᠴᠠ ᠲᠥᠷᠥᠭᠰᠡᠨ ᠭᠠᠭᠴᠠᠬᠠᠨ ᠥᠬᠢᠨ ᠢ᠋ᠶ᠋ᠡᠨ ᠥᠭᠪᠡ᠃
  ᠳᠠᠭᠠᠯᠳᠤᠭᠤᠯᠤᠯ᠂( ᠴᠢᠤᠸᠠᠨ ᠷᠦᠩ ᠲᠤᠯᠭᠠᠨ ᠬᠠᠷᠢᠭᠤᠴᠠᠵᠤ ᠲᠠᠢᠯᠪᠤᠷᠢᠯᠠᠭᠰᠠᠨ ᠄ ᠪᠣᠭᠳᠠ ᠴᠢᠩᠭᠢᠰ ᠬᠠᠭᠠᠨ ᠰᠤᠳᠤᠷ᠂ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂ 2013 ᠣᠨ᠂ ᠭᠡᠷᠡᠯ ᠵᠢᠷᠤᠭ ᠡᠬᠡ᠂ 513 ~ 514 ᠳ᠋ᠦ᠍ᠭᠡᠷ ᠬᠠᠭᠤᠳᠠᠰᠤ᠂)( ᠮᠣᠩᠭᠣᠯ ᠡᠬᠡ᠂ 197᠂ 198 ᠳ᠋ᠤᠭᠠᠷ ᠬᠠᠭᠤᠳᠠᠰᠤ᠂) ᠯᠤᠪᠰᠠᠨᠳᠠᠨᠵᠢᠨ ᠤ᠋ ᠠᠯᠲᠠᠨ ᠲᠣᠪᠴᠢ ᠂ ᠪᠠᠭ᠎ᠠ ᠠᠯᠲᠠᠨ ᠲᠣᠪᠴᠢ ᠲᠠᠢ ᠡᠭᠡᠭᠡ ᠠᠳᠠᠯᠢ ᠃ᠡᠷᠲᠡᠨ ᠦ᠌ ᠬᠠᠳ ᠤ᠋ᠨ ᠦᠨᠳᠦᠰᠦᠯᠡᠭᠰᠡᠨ ᠲᠥᠷᠥ ᠶᠣᠰᠣᠨ ᠤ᠋ ᠵᠣᠬᠢᠶᠠᠯ ᠢ᠋ ᠲᠣᠪᠴᠢᠯᠠᠨ ᠬᠤᠷᠢᠶᠠᠭᠰᠠᠨ ᠠᠯᠲᠠᠨ ᠲᠣᠪᠴᠢ ᠬᠡᠮᠡᠬᠦ ᠣᠷᠣᠰᠢᠪᠠᠢ ᠂ᠤᠯᠠᠭᠠᠨᠪᠠᠭᠠᠲᠤᠷ᠂ 1990 ᠣᠨ᠂ 1677 ᠣᠨ ᠳ᠋ᠤ᠌ ᠬᠠᠯᠬ᠎ᠠ ᠱᠠᠮᠪᠠ ᠲᠠᠢᠵᠢ ᠶ᠋ᠢᠨ ᠪᠢᠴᠢᠭᠰᠡᠨ ᠠᠰᠠᠷᠠᠭᠴᠢ ᠨᠡᠷᠡᠲᠦ ᠶ᠋ᠢᠨ ᠲᠡᠦᠬᠡ ᠳ᠋ᠦ᠍ ᠄ ᠲᠠᠪᠤᠨ ᠣᠲᠣᠭ ᠬᠠᠯᠬ᠎ᠠ ᠶ᠋ᠢᠨ ᠪᠠᠭᠠᠰᠤᠨ᠂ ᠪᠠᠭᠠᠰᠤᠨ ᠳ᠋ᠤᠷ ᠮᠠᠨᠳᠤᠬᠠᠢ ᠬᠠᠲᠤᠨ ᠠ᠋ᠴᠠ ᠲᠥᠷᠥᠭᠰᠡᠨ ᠭᠠᠭᠴᠠ ᠥᠬᠢᠨ ᠢ᠋ᠶ᠋ᠡᠨ ᠥᠭᠪᠡ ᠭᠡᠵᠦ ᠬᠡᠯᠡᠳᠡᠭ᠃ ᠵᠠᠷᠤᠳ ᠭᠦᠦᠰᠢ ᠳ᠋ᠸᠷᠮ᠎ᠡ ᠶ᠋ᠢᠨ 1739 ᠣᠨ ᠳ᠋ᠤ᠌ ᠪᠢᠴᠢᠭᠰᠡᠨ ᠠᠯᠲᠠᠨ ᠬᠦᠷᠳᠦᠨ ᠮᠢᠩᠭᠠᠨ ᠬᠡᠭᠡᠰᠦᠲᠦ ᠳ᠋ᠦ᠍ ᠲᠡᠮᠳᠡᠭᠯᠡᠭᠰᠡᠨ ᠳᠠᠯᠠᠨ ᠲᠡᠷᠢᠭᠦᠨ ᠦ᠌ ᠪᠠᠢᠯᠳᠤᠭᠠᠨ ᠤ᠋ ᠬᠣᠢᠨ᠎ᠠ ᠡᠮᠦᠨᠡᠬᠢ ᠪᠠᠢᠳᠠᠯ ᠤ᠋ᠨ ᠲᠡᠮᠳᠡᠭᠯᠡᠯ ᠡᠮᠦᠨᠡᠬᠢ ᠪᠢᠴᠢᠭ ᠤ᠋ᠳ ᠠ᠋ᠴᠠ ᠶᠡᠬᠡ ᠢᠯᠭᠠᠭ᠎ᠠ ᠦᠭᠡᠢ᠂ ᠬᠠᠷᠢᠨ ᠪᠠᠭᠠᠰᠤᠨ ᠲᠠᠪᠤᠨᠠᠩ ᠢ᠋ ᠳᠤᠷᠠᠳᠬᠤ ᠳ᠋ᠤ᠌ ᠪᠠᠨ ᠣᠷᠢᠶᠠᠩᠬᠠᠨ ᠤ᠋ ᠪᠠᠭᠠᠰᠤᠨ ᠳ᠋ᠤᠷ ᠰᠠᠢᠨ ᠮᠠᠨᠳᠤᠬᠠᠢ ᠬᠠᠲᠤᠨ ᠠ᠋ᠴᠠ ᠲᠥᠷᠥᠭᠰᠡᠨ ᠭᠡᠭᠡᠨ ᠭᠦᠩᠵᠦ ᠶ᠋ᠢ ᠥᠭᠪᠡ ᠭᠡᠰᠡᠨ ᠪᠠ ᠪᠠᠰᠠ ᠨᠢᠭᠡ ᠥᠭᠡᠷ᠎ᠡ ᠭᠠᠵᠠᠷ ᠲᠤ᠌ ᠮᠠᠨᠳᠤᠬᠠᠢ ᠰᠡᠴᠡᠨ ᠬᠠᠲᠤᠨ ᠤ᠋ ᠭᠠᠭᠴᠠᠬᠠᠨ ᠥᠬᠢᠨ ᠭᠡᠭᠡᠨ ᠭᠦᠩᠵᠦ ᠶ᠋ᠢ ᠤᠷᠢᠶᠠᠩᠬᠠᠨ ᠤ᠋ ᠵᠢᠮ᠎ᠡ (ᠵᠠᠯᠮ᠎ᠠ ᠶ᠋ᠢᠨ ᠡᠨᠳᠡᠭᠦᠦ ᠪᠢᠴᠢᠯᠭᠡ ) ᠶ᠋ᠢᠨ ᠦᠷ᠎ᠡ ᠪᠠᠭᠠᠰᠤᠨ ᠪᠠᠭᠠᠲᠤᠷ ᠲᠤ᠌ ᠥᠭᠭᠦᠭᠡᠳ ᠲᠠᠪᠤᠨᠠᠩ ᠪᠣᠯᠭᠠᠪᠠᠢ ( ᠳ᠋ᠧᠷᠮ᠎ᠠ ᠵᠣᠬᠢᠶᠠᠵᠤ᠂ ᠴᠣᠢᠵᠢ ᠬᠠᠷᠭᠤᠭᠤᠯᠵᠤ ᠲᠠᠢᠯᠪᠤᠷᠢᠯᠠᠭᠰᠠᠨ ᠠᠯᠲᠠᠨ ᠬᠦᠷᠳᠦᠨ ᠮᠢᠩᠭᠠᠨ ᠬᠡᠭᠡᠰᠦᠲᠦ᠂ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 1987 ᠣᠨ᠂ 128 ᠳ᠋ᠤᠭᠠᠷ ᠬᠠᠭᠤᠳᠠᠰᠤ ) ᠭᠡᠵᠦ ᠪᠠᠢᠨ᠎ᠠ᠃ ᠬᠢᠨᠠᠪᠠᠰᠤ᠂ ᠵᠠᠷᠤᠳ ᠭᠦᠦᠰᠢ ᠶ᠋ᠢᠨ ᠰᠡᠭᠦᠯ ᠦ᠋ᠨ ᠦᠭᠡ ᠨᠢ 1725 ᠣᠨ ᠳ᠋ᠤ᠌ ᠵᠣᠬᠢᠶᠠᠭᠳᠠᠭᠰᠠᠨ ᠦᠵᠦᠮᠦᠴᠢᠨ ᠲᠠᠢᠵᠢ ᠭᠣᠮᠪᠣᠵᠠᠪ ᠤ᠋ᠨ ᠭᠠᠩᠭ᠎ᠠ ᠶ᠋ᠢᠨ ᠤᠷᠤᠰᠬᠠᠯ ᠠ᠋ᠴᠠ ᠢᠷᠡᠯᠲᠡᠢ ᠠᠵᠢ᠃ ᠭᠣᠮᠪᠣᠵᠠᠪ ᠲᠡᠮᠳᠡᠭᠯᠡᠭᠰᠡᠨ ᠨᠢ ᠄ ᠰᠠᠢᠨ ᠲᠠᠶᠠᠨ ᠬᠠᠭᠠᠨ ᠤ᠋ ᠭᠠᠭᠴᠠ ᠤᠰᠤᠨ (ᠥᠬᠢᠨ ᠦ᠌ ᠠᠳᠡᠭᠦᠤ ᠬᠠᠭᠤᠯᠪᠤᠷᠢ) ᠬᠠ (ᠭᠡᠭᠡᠨ ᠦ᠌ ᠪᠤᠷᠤᠭᠤ ᠪᠢᠴᠢᠯᠭᠡ ) ᠭᠦᠩᠵᠦ ᠶ᠋ᠢ ᠣᠷᠢᠶᠠᠩᠬᠠᠨ ᠵᠡᠯᠮ᠎ᠡ ( ᠤᠤᠯ ᠵᠡᠭᠦᠯᠲᠡ ᠄ ᠴᠢᠩᠭᠢᠰ ᠬᠠᠭᠠᠨ ᠤ᠋ ᠶᠢᠰᠦᠨ ᠥᠷᠯᠥᠭ ᠦ᠋ᠨ ᠨᠢᠭᠡᠨ ᠪᠣᠢ) ᠶ᠋ᠢᠨ ᠦᠷ᠎ᠡ ᠳ᠋ᠦ᠍ᠷ ᠥᠭᠭᠦᠭᠡᠳ ᠲᠠᠪᠤᠨᠠᠩ ᠪᠣᠯᠭᠠᠭᠰᠠᠨ ᠠ᠋ᠴᠠ ᠦᠷᠡᠵᠢᠭᠰᠡᠨ ᠠᠨᠤ᠂ ᠬᠠᠷᠠᠴᠢᠨ ᠤ᠋ ᠨᠣᠶᠠᠳ ᠲᠠᠪᠤᠨᠠᠩ ᠣᠪᠣᠭᠲᠤ ᠮᠥᠨ ᠭᠡᠮᠡᠨ ᠵᠠᠷᠢᠮ ᠤ᠋ᠳ ᠣᠯᠠᠩᠬᠢ ᠳ᠋ᠤᠷ ᠥᠭᠦᠯᠡᠵᠦᠬᠦᠢ᠃ (ᠭᠣᠮᠪᠣᠵᠠᠪ ᠵᠣᠬᠢᠶᠠᠵᠤ᠂ ᠴᠣᠢᠵᠢ ᠬᠠᠷᠭᠤᠭᠤᠯᠵᠤ ᠲᠠᠢᠯᠪᠤᠷᠢᠯᠠᠭᠰᠠᠨ ᠄ ᠭᠠᠩᠭ᠎ᠠ ᠶ᠋ᠢᠨ ᠤᠷᠤᠰᠬᠠᠯ᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 1980 ᠣᠨ᠂)( ᠷᠠᠰᠢᠫᠦᠩᠰᠤᠭ ᠤ᠋ᠨ ᠪᠣᠯᠣᠷ ᠡᠷᠢᠭᠡ ᠳ᠋ᠦ᠍ ᠪᠠᠰᠠ ᠭᠡᠭᠡᠨ ᠭᠦᠩᠵᠦ ᠶ᠋ᠢ ᠤᠷᠢᠶᠠᠩᠬᠠᠨ ᠤ᠋ ᠪᠠᠭᠠᠰᠤᠨ ᠲᠠᠪᠤᠨᠠᠩ ᠳ᠋ᠤᠷ ᠥᠭᠯᠦᠭᠡ ) ( ᠷᠠᠰᠢᠫᠦᠩᠰᠣᠭ ᠵᠣᠬᠢᠶᠠᠵᠤ᠂ ᠬᠦᠬᠡᠬᠣᠨᠳᠤᠷ ᠤ᠋ᠨ ᠬᠠᠷᠭᠤᠭᠤᠯᠵᠤ ᠲᠤᠯᠭᠠᠭᠰᠠᠨ ᠄ ᠪᠣᠯᠣᠷ ᠡᠷᠢᠭᠡ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠬᠣᠷᠢᠶ᠎ᠠ᠂ 1985 ᠣᠨ᠂ 848 ᠳ᠋ᠤᠭᠠᠷ ᠬᠠᠭᠤᠳᠠᠰᠤ)᠃
   ᠮᠣᠩᠭᠣᠯ ᠰᠤᠷᠪᠤᠯᠵᠢ ᠪᠢᠴᠢᠭ ᠲᠦ᠍ ᠭᠠᠷᠤᠭᠰᠠᠨ ᠪᠠᠭᠠᠰᠤᠨ( ᠪᠠᠭᠠᠰᠤᠳ )ᠲᠠᠪᠤᠨᠠᠩ ᠤ᠋ᠨ ᠲᠤᠬᠠᠢ ᠮᠡᠳᠡᠭᠡ ᠨᠦ᠍ᠭᠦᠳ ᠢ᠋ ᠬᠤᠷᠢᠶᠠᠩᠭᠤᠢᠯᠠᠪᠠᠯ ᠳᠠᠷᠠᠭᠠᠬᠢ ᠳ᠋ᠦᠩᠨᠡᠯᠲᠡ ᠳ᠋ᠦ᠍ ᠬᠦᠷᠦᠨ᠎ᠡ ᠃
ᠪᠠᠭᠠᠰᠤᠨ ᠪᠣᠯ ᠤᠷᠢᠶᠠᠩᠬᠠᠨ ᠤ᠋ ᠪᠠᠭᠠᠲᠤᠷ᠃
ᠪᠠᠭᠠᠰᠤᠨ ᠪᠣᠯ ᠤᠷᠢᠶᠠᠩᠬᠠᠨ ᠵᠡᠯᠮ᠎ᠡ ᠶ᠋ᠢᠨ ᠦᠷ᠎ᠡ᠃
ᠪᠠᠭᠠᠰᠤᠨ ᠪᠣᠯ ᠵᠠᠷᠤᠭᠤᠳ ᠣᠲᠣᠭ ᠤ᠋ᠨ ᠬᠥᠮᠦᠨ᠃
ᠪᠠᠭᠠᠰᠤᠨ ᠪᠣᠯ ᠲᠠᠪᠤᠨ ᠣᠲᠣᠭ ᠬᠠᠯᠬ᠎ᠠ ᠶ᠋ᠢᠨ ᠨᠣᠶᠠᠳ ᠤᠷᠤᠭ ᠤ᠋ᠨ ᠬᠥᠮᠦᠨ᠃
ᠪᠠᠭᠠᠰᠤᠨ ᠪᠣᠯ ᠳᠠᠶᠠᠨ ᠬᠠᠭᠠᠨ ᠮᠠᠨᠳᠤᠬᠠᠢ ᠪᠣᠯᠤᠨ ᠰᠡᠴᠡᠨ ᠬᠠᠲᠤᠨ ᠤ᠋ ᠭᠠᠭᠴᠠ ᠥᠬᠢᠨ ᠭᠡᠭᠡᠨ ᠭᠦᠩᠵᠦ ᠶ᠋ᠢ ᠠᠪᠤᠭᠰᠠᠨ ᠲᠠᠪᠤᠨᠠᠩ᠃
ᠡᠨᠡ ᠬᠦ᠌ ᠮᠡᠳᠡᠭᠡ ᠨᠦ᠍ᠭᠦᠳ ᠢ᠋ ᠴᠢᠨᠠᠭᠰᠢᠳᠠ ᠰᠢᠨᠵᠢᠯᠡᠨ ᠦᠵᠡᠪᠡᠯ᠂ ᠤᠷᠢᠶᠠᠩᠬᠠᠨ ᠵᠠᠷᠤᠭᠤᠳ ᠲᠠᠪᠤᠨ ᠣᠲᠣᠭ ᠬᠠᠯᠬ᠎ᠠ ᠭᠡᠰᠡᠨ ᠳ᠋ᠦᠩ ᠭᠠᠷᠤᠨ᠎ᠠ᠃
ᠡᠨᠡ ᠶᠠᠮᠠᠷ ᠤᠴᠢᠷ ᠪᠣᠯᠴᠢᠪᠠ?
ᠡᠨᠡ ᠬᠦ᠌ ᠠᠰᠠᠭᠤᠳᠠᠯ ᠢ᠋ ᠠᠪᠴᠤ ᠶᠠᠷᠢᠯᠴᠠᠬᠤ ᠠ᠋ᠴᠠ ᠡᠮᠦᠨ᠎ᠡ᠂ ᠤᠷᠢᠳᠠᠪᠡᠷ ᠤᠯᠠᠮᠵᠢᠯᠠᠯ ᠰᠤᠷᠪᠤᠯᠵᠢ ᠳ᠋ᠤ᠌ ᠬᠠᠮᠢᠶᠠᠷᠤᠭᠳᠠᠬᠤ ᠰᠤᠷᠪᠤᠯᠵᠢ ᠪᠢᠴᠢᠭ ᠤ᠋ᠳ ᠤ᠋ᠨ ᠬᠡᠰᠡᠭ ᠶᠠᠪᠤᠳᠠᠯ ᠢ᠋ ᠲᠡᠮᠳᠡᠭᠯᠡᠬᠦ ᠨᠢᠭᠡᠨ ᠣᠨᠴᠠᠯᠢᠭ ᠢ᠋ ᠴᠤᠬᠤᠰ ᠳᠤᠷᠠᠳᠬᠤ ᠬᠡᠷᠡᠭᠲᠡᠢ᠃ ᠲᠡᠷᠡ ᠨᠢ ᠶᠠᠭᠤ ᠪᠣᠢ ᠭᠡᠪᠡᠯ᠂ ᠬᠥᠮᠦᠨ᠂ ᠬᠡᠷᠡᠭ ᠶᠠᠪᠤᠳᠠᠯ ᠢ᠋ ᠲᠡᠮᠳᠡᠭᠯᠡᠬᠦ ᠳ᠋ᠦ᠍ ᠪᠡᠨ ᠰᠡᠭᠦᠯᠴᠢ ᠶ᠋ᠢᠨ ᠵᠣᠬᠢᠶᠠᠭᠴᠢᠳ ᠲᠡᠦᠬᠡᠨ ᠬᠡᠷᠡᠭ ᠦ᠋ᠨ ᠰᠡᠭᠦᠯᠴᠢ ᠶ᠋ᠢᠨ ᠦᠷ᠎ᠡ ᠳ᠋ᠦᠩ ᠢ᠋ ᠦᠨᠳᠦᠰᠦᠯᠡᠵᠦ᠂ ᠡᠰᠡᠪᠡᠯ ᠪᠦᠷ ᠴᠦ᠍ ᠲᠡᠦᠬᠡᠨ ᠪᠢᠴᠢᠭ ᠢ᠋ᠶ᠋ᠡᠨ ᠪᠢᠴᠢᠭᠰᠡᠨ ᠲᠤᠬᠠᠢ ᠶ᠋ᠢᠨ ᠴᠠᠭ ᠤ᠋ᠨ ᠢ᠋ᠶ᠋ᠠᠨ ᠪᠠᠢᠳᠠᠯ ᠪᠠ ᠣᠢᠯᠠᠭᠠᠯᠲᠠ ᠪᠠᠷ ᠡᠷᠲᠡ ᠬᠠᠭᠤᠴᠢᠨ ᠴᠠᠭ ᠲᠤ᠌ ᠪᠣᠯᠵᠤ ᠥᠩᠭᠡᠷᠡᠭᠰᠡᠨ ᠲᠡᠦᠬᠡᠨ ᠶᠠᠪᠤᠳᠠᠯ ᠢ᠋ ᠨᠡᠬᠡᠨ ᠲᠡᠮᠳᠡᠭᠯᠡᠬᠦ ᠨᠢ ᠵᠥᠩᠳᠡᠭᠡᠨ᠃ ᠵᠢᠱ᠌ᠢᠶᠡᠯᠡᠪᠡᠯ᠂ ᠳᠠᠯᠠᠨ ᠲᠡᠷᠢᠭᠦᠨ ᠦ᠌ ᠲᠡᠢᠨ ᠦ᠌ ᠦᠶ᠎ᠡ ᠶ᠋ᠢᠨ ᠪᠠᠭᠠᠰᠤᠨ ᠢ᠋ ᠪᠠᠭᠠᠰᠤᠨ ᠲᠠᠪᠤᠨᠠᠩ ᠭᠡᠵᠦ ᠲᠡᠮᠳᠡᠭᠯᠡᠭᠰᠡᠨ ᠨᠢ ᠡᠨᠡ ᠬᠥᠮᠦᠨ ᠲᠡᠢᠨ ᠡᠴᠡ ᠰᠡᠭᠦᠯᠡᠷ ᠲᠠᠪᠤᠨᠠᠩ ᠪᠣᠯᠤᠭᠰᠠᠨ ᠠ᠋ᠴᠠ ᠪᠣᠯᠵᠠᠢ᠃ ᠶᠣᠰᠣᠨ ᠳ᠋ᠤ᠌ ᠪᠠᠨ ᠲᠡᠷᠡ ᠦᠶ᠎ᠡ ᠶ᠋ᠢᠨ ᠪᠠᠭᠠᠰᠤᠨ ᠢ᠋ ᠪᠠᠭᠠᠰᠤᠨ ᠪᠠᠭᠠᠲᠤᠷ ᠭᠡᠵᠦ ᠨᠡᠷᠡᠯᠡᠬᠦ ᠶᠣᠰᠣᠲᠠᠢ᠃ ᠠᠳᠠᠯᠢ ᠪᠠᠷ᠂ ᠪᠠᠭᠠᠰᠤᠨ ᠢ᠋ ᠲᠠᠪᠤᠨ ᠣᠲᠣᠭ ᠬᠠᠯᠬ᠎ᠠ ᠶ᠋ᠢᠨ ᠬᠥᠮᠦᠨ ᠭᠡᠰᠡᠨ ᠨᠢ ᠮᠥᠨ ᠬᠣᠵᠢᠮ ᠤ᠋ᠨ ᠲᠡᠦᠬᠡᠨ ᠳ᠋ᠦ᠍ ᠰᠠᠭᠤᠷᠢᠯᠠᠵᠤ ᠪᠢᠴᠢᠭᠰᠡᠨ ᠬᠡᠷᠡᠭ᠂ ᠤᠴᠢᠷ ᠨᠢ ᠵᠠᠷᠤᠳ (ᠵᠠᠷᠤᠭᠤᠳ)᠂ ᠪᠠᠭᠠᠷᠢᠨ᠂ ᠦᠵᠢᠶᠠᠳ᠂ ᠪᠠᠶᠠᠭᠤᠳ᠂ ᠬᠣᠩᠭᠢᠷᠠᠳ ᠲᠠᠪᠤᠨ ᠣᠲᠣᠭ ᠪᠣᠢ ᠪᠣᠯᠵᠤ ᠲᠠᠪᠤᠨ ᠣᠲᠣᠭ ᠬᠠᠯᠬ᠎ᠠ ᠨᠡᠷ᠎ᠡ ᠬᠠᠳᠠᠭᠤᠯᠤᠭᠰᠠᠨ ᠨᠢ ᠳᠠᠯᠠᠨ ᠲᠡᠷᠢᠭᠦᠨ ᠦ᠌ ᠲᠡᠢᠨ ᠡᠴᠡ ᠠᠳᠠᠭ ᠲᠤ᠌ ᠪᠠᠨ ᠬᠠᠭᠠᠰ ᠵᠠᠭᠤᠨ ᠵᠢᠯ ᠦ᠋ᠨ ᠳᠠᠷᠠᠭᠠᠬᠢ ᠶᠠᠪᠤᠳᠠᠯ ᠪᠢᠯᠡ᠃ ᠡᠳᠡᠭᠡᠷ ᠨᠢ ᠪᠦᠷ ᠰᠠᠭᠠᠩ ᠰᠡᠴᠡᠨ᠂ ᠵᠠᠷᠤᠳ ᠭᠦᠦᠰᠢ ᠵᠡᠷᠭᠡ ᠲᠡᠦᠬᠡᠴᠢᠳ ᠥᠪᠡᠷ ᠦ᠋ᠨ ᠴᠠᠭ ᠦᠶ᠎ᠡ ᠶ᠋ᠢᠨ ᠲᠡᠦᠬᠡᠨ ᠪᠠᠢᠳᠠᠯ ᠳ᠋ᠤ᠌ ᠪᠠᠨ ᠦᠨᠳᠦᠰᠦᠯᠡᠵᠦ ᠪᠢᠴᠢᠭᠰᠡᠨ ᠦ᠌ ᠦᠷ᠎ᠡ ᠳ᠋ᠦᠩ ᠶᠦ᠍ᠮ᠃ ᠪᠠᠭᠠᠰᠤᠨ ᠪᠣᠯ ᠲᠠᠶᠠᠨ ᠬᠠᠭᠠᠨ ᠪᠣᠯᠤᠨ ᠮᠠᠨᠳᠤᠬᠠᠢ ᠬᠠᠲᠤᠨ ᠠ᠋ᠴᠠ ᠲᠥᠷᠥᠭᠰᠡᠨ ᠭᠠᠭᠴᠠ ᠥᠬᠢᠨ ᠲᠥᠷᠥᠯᠲᠦ ᠭᠡᠭᠡᠨ ᠭᠦᠩᠵᠦ ᠶ᠋ᠢ ᠠᠪᠤᠭᠰᠠᠨ᠃ ᠲᠡᠭᠡᠬᠦᠯᠡᠷ᠂ ᠤᠷᠢᠶᠠᠩᠬᠠᠨ ᠲᠠᠪᠤᠨ ᠣᠲᠣᠭ ᠬᠠᠯᠬ᠎ᠠ ᠭᠡᠳᠡᠭ ᠳ᠋ᠦᠩ ᠪᠤᠷᠤᠭᠤ ᠪᠣᠯᠤᠨ᠎ᠠ᠃ ᠡᠭᠦᠨ ᠢ᠋ ᠬᠠᠷᠢᠨ ᠣᠷᠢᠶᠠᠩᠬᠠᠨ ᠲᠠᠪᠤᠨ ᠣᠲᠣᠭ ᠬᠠᠯᠬ᠎ᠠ ᠶ᠋ᠢᠨ ᠵᠠᠷᠤᠭᠤᠳ ᠭᠡᠵᠦ ᠦᠵᠡᠪᠡᠯ ᠵᠥᠪ᠃ ᠪᠠᠭᠠᠰᠤᠨ ᠲᠠᠪᠤᠨᠠᠩ ᠢ᠋ ᠣᠷᠢᠶᠠᠩᠬᠠᠨ ᠵᠠᠯᠮ᠎ᠠ ᠶ᠋ᠢᠨ ᠦᠷ᠎ᠡ ᠭᠡᠰᠡᠨ ᠪᠠ ᠪᠠᠰᠠ ᠲᠠᠪᠤᠨ ᠣᠲᠣᠭ ᠬᠠᠯᠬ᠎ᠠ ᠶ᠋ᠢᠨ ᠨᠣᠶᠠᠳ ᠤᠷᠤᠭ ᠤ᠋ᠨ ᠬᠥᠮᠦᠨ ᠭᠡᠰᠡᠨ ᠨᠢ ᠡᠭᠦᠨ ᠦ᠌ ᠳᠠᠪᠬᠤᠷ ᠭᠡᠷᠡᠴᠢ᠃ ᠲᠠᠪᠤᠨ ᠣᠲᠣᠭ ᠬᠠᠯᠬ᠎ᠠ ᠶ᠋ᠢᠨ ᠨᠣᠶᠠᠳ ᠣᠲᠣᠭ ᠤ᠋ᠨ ᠬᠥᠮᠦᠨ ᠭᠡᠰᠡᠨ ᠨᠢ ᠬᠡᠷᠡᠭ ᠳᠡᠭᠡᠷ᠎ᠡ ᠪᠡᠨ (ᠲᠠᠪᠤᠨ ᠣᠲᠣᠭ ᠬᠠᠯᠬ᠎ᠠ ᠶ᠋ᠢᠨ ᠳᠣᠲᠣᠷᠠᠬᠢ ) ᠵᠠᠷᠤᠳ ᠤ᠋ᠨ ᠨᠣᠶᠠᠳ ᠣᠲᠣᠭ ᠤ᠋ᠨ ᠬᠥᠮᠦᠨ ᠭᠡᠰᠡᠨ ᠦᠭᠡ᠃ ᠡᠨᠡ ᠨᠢ ᠪᠠᠰᠠ ᠵᠠᠷᠤᠳ ᠨᠢ ᠠᠯᠲᠠᠨ ᠣᠷᠣᠭᠳᠠᠨ ᠤ᠋ ᠥᠮᠴᠢ ᠢᠷᠭᠡᠳ ᠪᠣᠯᠬᠤ ᠠ᠋ᠴᠠ ᠡᠮᠦᠨ᠎ᠡ ᠪᠠᠭᠠᠰᠤᠨ ᠲᠠᠪᠤᠨᠠᠩ ᠤ᠋ᠨ ᠡᠵᠡᠮᠰᠢᠯ ᠢᠷᠭᠡᠳ ᠪᠠᠢᠭᠰᠠᠨ ᠭᠡᠰᠡᠨ ᠬᠡᠷᠡᠭ᠃ ᠡᠭᠦᠨ ᠢ᠋ ᠴᠠᠭᠠᠰᠢᠳᠠ ᠬᠢᠨᠠᠨ ᠦᠵᠡᠪᠡᠯ᠂ ᠤᠷᠢᠶᠠᠩᠬᠠᠨ ᠤ᠋ ᠵᠡᠯᠮ᠎ᠡ ᠶ᠋ᠢᠨ ᠦᠷᠡᠰ ᠪᠠ ᠵᠠᠷᠤᠳ ( ᠵᠠᠷᠤᠭᠤᠳ) ᠤ᠋ᠨ ᠨᠣᠶᠠᠳ ᠨᠢ ᠨᠢᠭᠡᠯᠡ ᠣᠲᠣᠭ ᠤᠭᠰᠠᠭ᠎ᠠ ᠃ ᠥᠭᠡᠷ᠎ᠡ ᠪᠡᠷ ᠬᠡᠯᠡᠪᠡᠯ ᠵᠠᠷᠤᠳ ᠪᠣᠯ ᠣᠷᠢᠶᠠᠩᠬᠠᠨ ᠣᠲᠣᠭ ᠠᠵᠤᠭᠤ ᠃

ᠬᠣᠶᠠᠷ
  ᠰᠠᠶᠢ ᠥᠭᠦᠯᠡᠭᠰᠡᠨ ᠵᠦᠢᠯ ᠪᠣᠯ ᠰᠤᠷᠪᠤᠯᠵᠢ ᠪᠢᠴᠢᠭ ᠦ᠋ᠨ ᠮᠡᠳᠡᠭᠡᠨ ᠳ᠋ᠦ᠍ ᠦᠨᠳᠦᠰᠦᠯᠡᠭᠰᠡᠨ ᠶᠦ᠍ᠮ᠃ᠪᠢᠳᠡ ᠰᠤᠷᠪᠤᠯᠵᠢ ᠶ᠋ᠢ ᠶᠠᠷᠢᠬᠤ ᠳ᠋ᠤ᠌ ᠪᠠᠨ ᠦᠯᠡᠳᠡᠮᠡᠯ ᠪᠠ ᠤᠯᠠᠮᠵᠢᠯᠠᠯ ᠭᠡᠵᠦ ᠬᠤᠪᠢᠶᠠᠳᠠᠭ᠃ ᠡᠮᠦᠨ᠎ᠡ ᠥᠭᠦᠯᠡᠭᠰᠡᠨ ᠮᠣᠩᠭᠣᠯ ᠤ᠋ᠨ ᠣᠨ ᠳᠠᠷᠠᠭᠠᠯᠠᠭᠰᠠᠨ ᠲᠡᠦᠬᠡᠨ ᠪᠢᠴᠢᠭ ᠤ᠋ᠳ ᠪᠣᠯ ᠤᠯᠠᠮᠵᠢᠯᠠᠯ ᠰᠤᠷᠪᠤᠯᠵᠢ ᠳ᠋ᠤ᠌ ᠲᠣᠭᠠᠴᠠᠭᠳᠠᠨ᠎ᠠ᠂ ᠵᠣᠬᠢᠶᠠᠭᠴᠢᠳ ᠨᠢ ᠬᠥᠮᠦᠰ ᠲᠦ᠍ ᠲᠡᠦᠬᠡᠨ ᠮᠡᠳᠡᠯᠭᠡ ᠤᠯᠠᠮᠵᠢᠯᠠᠬᠤ ᠶ᠋ᠢᠨ ᠲᠥᠯᠥᠭᠡ ᠤᠷᠢᠳᠠᠬᠢ ᠬᠥᠮᠦᠰ ᠦ᠋ᠨ ᠪᠢᠴᠢᠭ ᠪᠠᠷᠢᠮᠲᠠ᠂ ᠠᠮᠠᠨ ᠤᠯᠠᠮᠵᠢᠯᠠᠯ ᠪᠠ ᠥᠪᠡᠷ ᠦ᠋ᠨ ᠦᠵᠡᠵᠦ ᠰᠣᠨᠣᠰᠤᠭᠰᠠᠨ ᠵᠦᠢᠯᠡᠰ ᠲᠦ᠍ ᠪᠡᠨ ᠦᠨᠳᠦᠰᠦᠯᠡᠵᠦ᠂ ᠲᠡᠦᠬᠡᠨ ᠬᠡᠷᠡᠭ ᠢ᠋ ᠲᠣᠭᠠᠴᠢᠨ ᠥᠭᠦᠯᠡᠵᠡᠢ᠂ ᠲᠡᠢᠨ ᠬᠦ᠌ ᠲᠡᠭᠦᠨ ᠦ᠌ ᠳᠣᠲᠣᠷ᠎ᠠ ᠡᠨᠳᠡᠭᠦᠦ ᠬᠠᠵᠠᠭᠠᠢ ᠵᠦᠢᠯᠡᠰ ᠵᠥᠩᠳᠡᠭᠡᠨ ᠪᠠᠢᠯᠭᠦᠢ ᠶᠠᠭᠠᠬᠢᠬᠤᠪ᠂ ᠲᠡᠦᠬᠡᠴᠢᠳ ᠲᠡᠭᠦᠨ ᠳ᠋ᠦ᠍ ᠨᠠᠷᠢᠨ ᠮᠠᠭᠠᠳᠯᠠᠯ ᠰᠢᠭᠦᠮᠵᠢᠯᠡᠯ ᠬᠢᠯᠭᠦᠢ ᠭᠠᠷ ᠤ᠋ᠨ ᠠᠶ᠎ᠠ ᠪᠠᠷ ᠠᠪᠴᠤ ᠬᠡᠷᠡᠭᠯᠡᠵᠦ ᠪᠣᠯᠬᠤ ᠦᠭᠡᠢ᠃ ᠭᠡᠪᠡᠴᠦ ᠦᠯᠡᠳᠡᠮᠡᠯ ᠰᠤᠷᠪᠤᠯᠵᠢ ᠳ᠋ᠤ᠌ ᠴᠣᠭᠴᠠᠲᠤ ᠦᠯᠡᠳᠡᠮᠡᠯ (ᠵᠢᠱ᠌ᠢᠶᠡᠯᠡᠪᠡᠯ᠂ ᠬᠠᠭᠤᠴᠢ ᠣᠯᠳᠠᠪᠤᠷᠢ ᠨᠤᠭᠤᠳ ᠭᠡᠬᠦ ᠮᠡᠲᠦ)᠂ ᠪᠢᠴᠢᠭ ᠦ᠋ᠨ ᠦᠯᠡᠳᠡᠮᠡᠯ(ᠵᠢᠱ᠌ᠢᠶᠡᠯᠡᠪᠡᠯ᠂ ᠦᠨᠡᠮᠯᠡᠬᠦ ᠪᠢᠴᠢᠭ᠂ ᠳᠠᠩᠰᠠ ᠬᠠᠷ᠎ᠠ ᠵᠡᠷᠭᠡ)᠂ ᠬᠡᠢᠰᠪᠦᠷᠢ ᠦᠯᠡᠳᠡᠮᠡᠯ ᠭᠡᠵᠦ ᠭᠤᠷᠪᠠᠨ ᠲᠥᠷᠥᠯ ᠵᠦᠢᠯ ᠪᠠᠢᠳᠠᠭ᠃ ᠲᠡᠭᠦᠨ ᠦ᠌ ᠳᠣᠲᠣᠷ᠎ᠠ ᠬᠡᠢᠰᠪᠦᠷᠢ ᠦᠯᠡᠳᠡᠮᠡᠯ ᠭᠡᠳᠡᠭ ᠨᠢ ᠵᠠᠩ ᠳᠠᠳᠬᠠᠯ᠂ ᠶᠣᠰᠣ ᠰᠤᠷᠲᠠᠬᠤᠨ᠂ ᠨᠡᠷ᠎ᠡ ᠣᠪᠣᠭ ᠭᠡᠬᠦᠴᠢᠯᠡᠨ ᠭᠠᠷ ᠲᠤ᠌ ᠪᠠᠷᠢᠭᠳᠠᠬᠤ ᠦᠭᠡᠢ ᠨᠢᠳᠦᠨ ᠳ᠋ᠦ᠍ ᠦᠵᠡᠭᠳᠡᠬᠦ ᠦᠭᠡᠢ ᠶᠠᠭᠤᠮᠠᠰ ᠪᠣᠯᠪᠠᠴᠤ ᠡᠷᠲᠡᠨ ᠦ᠌ ᠮᠡᠳᠡᠭᠡ ᠵᠠᠩᠭᠢ ᠶ᠋ᠢ ᠵᠣᠷᠢᠯᠭ᠎ᠠ ᠦᠭᠡᠢ ᠪᠡᠷ ᠲᠡᠷᠡᠴᠢᠯᠡᠨ ᠨᠠᠢᠳᠠᠪᠤᠷᠢᠲᠠᠢ ᠤᠯᠠᠮᠵᠢᠯᠠᠵᠤ ᠢᠷᠡᠭᠰᠡᠨ ᠮᠠᠲ᠋ᠧᠷᠢᠶᠠᠯ ᠤ᠋ᠳ ᠢ᠋ ᠵᠢᠭᠠᠳᠠᠭ ᠶᠤᠮ᠃
   ᠵᠠᠷᠤᠳ ᠪᠣᠯ ᠤᠷᠢᠶᠠᠩᠬᠠᠨ ᠠᠢᠮᠠᠭ ᠠ᠋ᠴᠠ ᠡᠭᠦᠰᠦᠯᠲᠡᠢ ᠭᠡᠳᠡᠭ ᠢ᠋ ᠭᠡᠷᠡᠴᠢᠯᠡᠬᠦ ᠴᠢᠬᠤᠯᠠ ᠬᠡᠢᠰᠪᠦᠷᠢ ᠦᠯᠡᠳᠡᠮᠡᠯ ᠮᠠᠨ ᠳ᠋ᠤ᠌ ᠣᠯᠳᠠᠵᠤ ᠪᠠᠢᠨ᠎ᠠ᠃ ᠲᠡᠷᠡ ᠨᠢ ᠶᠠᠭᠤ ᠪᠣᠢ? ᠭᠡᠪᠡᠯ᠂ ᠵᠠᠷᠤᠳ ᠤ᠋ᠨ ᠤᠵᠠᠭᠤᠷ ᠡᠷᠲᠡᠨ ᠡᠴᠡ ᠤᠯᠠᠮᠵᠢᠯᠠᠵᠤ ᠢᠷᠡᠭᠰᠡᠨ ᠪᠥᠬᠡ ᠶ᠋ᠢᠨ ᠱᠠᠰᠢᠨ ᠤ᠋ ᠴᠠᠬᠢᠯᠭᠠᠨ ᠲᠡᠭᠷᠢ ᠶ᠋ᠢᠨ ᠲᠠᠬᠢᠯᠭ᠎ᠠ᠃ ᠡᠨᠡᠬᠦ ᠲᠠᠬᠢᠯᠭ᠎ᠠ ᠶ᠋ᠢᠨ ᠲᠤᠬᠠᠢ ᠪᠥᠬᠡ ᠶ᠋ᠢᠨ ᠰᠤᠳᠤᠯᠤᠯ ᠳ᠋ᠤ᠌ ᠮᠡᠷᠭᠡᠰᠢᠭᠰᠡᠨ ᠵᠠᠷᠤᠳ ᠡᠷᠳᠡᠮᠲᠡᠨ ᠨᠢᠮ᠎ᠠ ᠳᠠᠷᠠᠭᠠᠬᠢ ᠮᠡᠲᠦ ᠮᠡᠳᠡᠭᠡᠯᠡᠭᠰᠡᠨ ᠪᠠᠢᠨ᠎ᠠ ᠄ ᠴᠠᠬᠢᠯᠭᠠᠨ ᠲᠡᠭᠷᠢ ᠶ᠋ᠢᠨ ᠲᠠᠬᠢᠯᠭ᠎ᠠ ᠶ᠋ᠢ ᠪᠥᠬᠡ ᠶ᠋ᠢᠨ ᠳᠣᠲᠣᠷᠠᠬᠢ ᠤᠳᠤᠮ ᠤ᠋ᠨ ᠪᠥᠬᠡ ᠬᠢᠵᠦ ᠭᠦᠢᠴᠡᠳᠬᠡᠳᠡᠭ᠃ ᠤᠳᠤᠮ ᠤ᠋ᠨ ᠪᠥᠬᠡ ᠭᠡᠳᠡᠭ ᠨᠢ ᠪᠥᠬᠡ ᠶ᠋ᠢᠨ ᠰᠠᠬᠢᠭᠤᠰᠤ ᠨᠢᠭᠡᠨ ᠣᠪᠣᠭ ᠤ᠋ᠨ ᠳᠣᠲᠣᠷ᠎ᠠ ᠦᠶ᠎ᠡ ᠤᠯᠠᠷᠢᠨ ᠣᠷᠣᠰᠢᠨ ᠰᠠᠭᠤᠳᠠᠭ ᠢ᠋ ᠬᠡᠯᠡᠨ᠎ᠡ᠃ ᠤᠳᠤᠮ ᠤ᠋ᠨ ᠪᠥᠬᠡ ᠶ᠋ᠢᠨ ᠳᠣᠲᠣᠷ᠎ᠠ ᠦᠶ᠎ᠡ ᠠᠯᠤᠰᠯᠠᠬᠤ ᠦᠭᠡᠢ ᠡᠴᠢᠭᠡ ᠬᠥᠪᠡᠭᠦᠨ ᠵᠠᠯᠭᠠᠵᠤ ᠰᠠᠭᠤᠭᠰᠠᠨ ᠨᠢ ᠨᠡᠩ ᠶᠡᠬᠡ ᠬᠦᠨᠳᠦᠲᠡᠢ᠃ ᠡᠢᠮᠦᠷᠬᠦᠦ ᠪᠥᠬᠡ ᠨᠢ ᠪᠥᠬᠡ ᠶ᠋ᠢᠨ ᠪᠦᠬᠦ ᠠᠵᠢᠯᠯᠠᠭ᠎ᠠ ᠶ᠋ᠢ ᠭᠦᠢᠴᠡᠳᠬᠡᠬᠦ ᠡᠴᠡ ᠭᠠᠳᠠᠨ᠎ᠠ ᠣᠯᠠᠩᠬᠢ ᠳ᠋ᠤ᠌ ᠪᠠᠨ ᠲᠡᠭᠷᠢ ᠲᠠᠬᠢᠬᠤ ᠠᠵᠢᠯ ᠢ᠋ ᠬᠢᠳᠡᠭ᠃ ᠲᠡᠭᠷᠢ ᠶ᠋ᠢ ᠪᠤᠷᠤᠭᠤᠰᠢᠶᠠᠨ ᠳᠣᠩᠭᠣᠳᠬᠤ ᠣᠨᠴᠠ ᠡᠷᠬᠡ ᠲᠡᠢ᠃ ᠴᠠᠬᠢᠯᠭᠠᠨ ᠲᠡᠭᠷᠢ ᠶ᠋ᠢ ᠲᠡᠳᠡ ᠳᠠᠬᠢᠳᠠᠭ᠃ ᠴᠠᠬᠢᠯᠭᠠᠨ ᠲᠡᠭᠷᠢ ᠶ᠋ᠢᠨ ᠲᠠᠬᠢᠯᠭ᠎ᠠ ᠣᠯᠠᠩᠬᠢ ᠳ᠋ᠤ᠌ ᠪᠠᠨ ᠵᠤᠨ ᠤ᠋ ᠵᠢᠷᠭᠤᠭ᠎ᠠ᠂ ᠳᠣᠯᠣᠭᠠᠨ ᠰᠠᠷ᠎ᠠ ᠶ᠋ᠢᠨ ᠬᠤᠷ᠎ᠠ ᠪᠣᠷᠣᠭᠠᠨ ᠶᠡᠬᠡ᠂ ᠠᠶᠤᠩᠭ᠎ᠠ ᠲᠣᠭᠰᠢᠨ ᠦᠶ᠎ᠡ ᠳ᠋ᠦ᠍ ᠲᠣᠬᠢᠶᠠᠯᠳᠤᠳᠠᠭ᠃ ᠬᠡᠵᠢᠶ᠎ᠡ ᠬᠠᠮᠢᠭ᠎ᠠ ᠲᠡᠭᠷᠢ ᠪᠠᠭᠤᠭᠰᠠᠨ ᠪᠣᠯ ᠮᠥᠨ ᠲᠡᠷᠡ ᠡᠳᠦᠷ᠂ ᠮᠥᠨ ᠲᠡᠷᠡ ᠭᠠᠵᠠᠷ ᠨᠢ ᠪᠥᠬᠡ ᠵᠠᠯᠠᠵᠤ ᠲᠠᠬᠢᠯᠭ᠎ᠠ ᠬᠢᠳᠡᠭ ᠶᠣᠰᠣ ᠲᠠᠢ᠃ ᠡᠢᠮᠦ ᠲᠠᠬᠢᠯᠭ᠎ᠠ ᠪᠠᠷ ᠪᠥᠬᠡ ᠵᠠᠯᠠᠬᠤ ᠬᠥᠮᠦᠨ ᠪᠥᠬᠡ ᠶ᠋ᠢᠨ ᠡᠭᠦᠳᠡᠨ ᠳᠡᠭᠡᠷ᠎ᠡ ᠬᠥᠲᠥᠯᠦᠭᠡ ᠮᠣᠷᠢ ᠲᠠᠢ ᠣᠴᠢᠵᠤ ᠮᠣᠷᠢ ᠪᠠᠨ ᠦᠭᠡ ᠳᠠᠭᠤᠨ ᠦᠭᠡᠢ ᠭᠠᠳᠠᠨ᠎ᠠ ᠨᠢ ᠤᠶᠠᠵᠤ ᠥᠭᠭᠦᠭᠡᠳ ᠱᠣᠩ ᠳᠡᠭᠡᠷ᠎ᠡ ᠨᠢ ᠬᠠᠳᠠᠭ ᠡᠯᠭᠦᠭᠡᠳ ᠭᠡᠷ ᠲᠦ᠍ ᠨᠢ ᠣᠷᠣᠬᠤ ᠦᠭᠡᠢ ᠪᠤᠴᠠᠵᠤ ᠶᠠᠪᠤᠨ᠎ᠠ᠃ ᠡᠨᠡ ᠪᠠᠢᠳᠠᠯ ᠢ᠋ ᠦᠵᠡᠮᠡᠭᠴᠡ ᠪᠥᠬᠡ ᠤᠴᠢᠷ ᠢ᠋ ᠮᠡᠳᠡᠵᠦ ᠲᠡᠷᠡ ᠳᠣᠣᠷ᠎ᠠ ᠪᠠᠨ ᠲᠠᠬᠢᠯᠭ᠎ᠠ ᠳ᠋ᠤ᠌ ᠬᠡᠷᠡᠭᠯᠡᠬᠦ ᠲᠠᠷᠠᠭ (ᠡᠭᠡᠳᠡᠭᠰᠡᠨ ᠰᠦ ᠪᠠ ᠲᠦᠭᠦᠬᠡᠢ ᠰᠦ ᠶ᠋ᠢᠨ ᠬᠣᠯᠢᠮᠠᠯ)ᠬᠣᠶᠠᠷ ᠮᠣᠳᠣᠨ ᠠᠶᠠᠭ᠎ᠠ᠂ ᠵᠢᠳᠠ (ᠬᠢᠲᠤᠭ᠎ᠠ) ᠠᠪᠴᠤ ᠰᠠᠶᠢ ᠶ᠋ᠢᠨ ᠬᠦᠷᠭᠡᠵᠦ ᠢᠷᠡᠭᠰᠡᠨ ᠮᠣᠷᠢ ᠶ᠋ᠢ ᠤᠨᠤᠭᠠᠳ ᠡᠯᠭᠦᠭᠰᠡᠨ ᠬᠠᠳᠠᠭ ᠢ᠋ ᠨᠢ ᠲᠠᠰᠢᠭᠤᠷ ᠤ᠋ᠨ ᠡᠰᠢ ᠪᠡᠷ ᠡᠯᠭᠦᠨ ᠠᠪᠴᠤ ᠡᠪᠦᠷᠲᠦᠯᠡᠭᠡᠳ ᠢᠷᠡᠭᠰᠡᠨ ᠬᠥᠮᠦᠨ ᠦ᠌ ᠠᠷᠤ ᠠ᠋ᠴᠠ ᠰᠢᠷᠦᠭᠦᠨ ᠳᠠᠪᠬᠢᠭᠤᠯᠵᠤ ᠣᠳᠤᠨ᠎ᠠ᠃ ᠪᠥᠬᠡ ᠲᠡᠭᠷᠢ ᠪᠠᠭᠤᠭᠰᠠᠨ ᠭᠠᠵᠠᠷ ᠳᠠᠪᠬᠢᠭᠤᠯᠵᠤ ᠬᠦᠷᠪᠡᠯ ᠮᠣᠷᠢᠨ ᠠ᠋ᠴᠠ ᠪᠠᠨ ᠶᠡᠬᠡᠯ᠎ᠡ ᠠᠭᠤᠷ ᠬᠢᠯᠢᠩ ᠲᠡᠢ ᠰᠢᠷᠦᠭᠦᠨ ᠪᠠᠭᠤᠵᠤ (ᠶᠡᠷᠡ ᠶᠢᠰᠦᠨ ᠲᠡᠭᠷᠢ ᠶ᠋ᠢᠨ ᠠᠯᠢ ᠲᠡᠭᠷᠢ ᠨᠢ ᠪᠠᠭᠤᠭᠰᠠᠨ ᠶᠤᠮ? ᠭᠡᠵᠦ ᠪᠠᠷᠬᠢᠷᠠᠵᠤ ᠬᠠᠰᠬᠢᠷᠳᠠᠭ ᠪᠥᠭᠡᠳ᠄ ᠪᠣᠷᠣᠭᠠᠨ ᠬᠤᠷ᠎ᠠ ᠣᠷᠣᠭᠤᠯᠬᠤ ᠪᠠᠷ ᠢ᠋ᠶ᠋ᠠᠨ ᠤᠷᠤᠭᠤᠯ ᠳᠠ ᠪᠠᠭᠤᠬᠤ ᠦᠭᠡᠢ ᠭᠠᠵᠠᠷ ᠪᠠᠭᠤᠵᠤ ᠪᠦᠭᠦᠳᠡ ᠣᠯᠠᠨ ᠢ᠋ ᠦᠢᠮᠡᠭᠦᠯᠳᠡᠭ ᠨᠢ ᠶᠠᠭᠤ ᠶᠤᠮ? ᠭᠡᠵᠦ ᠲᠡᠭᠷᠢ ᠶ᠋ᠢ ᠵᠢᠮᠡᠯᠡᠨ᠎ᠡ᠃ ᠪᠥᠬᠡ ᠨᠢ ᠲᠡᠭᠷᠢ ᠪᠠᠭᠤᠬᠤ ᠶ᠋ᠢ ᠲᠡᠭᠷᠢ ᠲᠠᠭᠠᠯᠠᠵᠤ ᠪᠠᠢᠨ᠎ᠠ ᠭᠡᠵᠦ ᠴᠦ᠍ ᠬᠡᠯᠡᠳᠡᠭ᠃ ᠲᠡᠭᠷᠢ ᠶ᠋ᠢ ᠪᠤᠷᠤᠭᠤᠰᠢᠶᠠᠨ ᠵᠢᠮᠡᠯᠡᠵᠦ ᠪᠠᠷᠠᠪᠠᠯ ᠡᠷᠭᠢᠭᠡᠳ ᠠᠪᠠᠴᠢᠭᠰᠠᠨ ᠰᠠᠪᠠ ᠲᠠᠢ ᠲᠠᠷᠠᠭ ᠠ᠋ᠴᠠ ᠪᠠᠨ ᠬᠣᠶᠠᠷ ᠮᠣᠳᠣᠨ ᠠᠶᠠᠭ᠎ᠠ ᠬᠢᠵᠦ ᠠᠪᠤᠭᠠᠳ ᠄ ᠵᠠ᠂ ᠲᠠᠭᠠᠯᠠᠬᠤ ᠶ᠋ᠢᠨ ᠴᠢᠨᠢ ᠲᠠᠪᠠ ᠪᠠᠷ ᠲᠠᠷᠠᠭ ᠡᠷᠭᠦᠶ᠎ᠡ! ᠭᠡᠵᠦ ᠬᠣᠶᠠᠷ ᠠᠶᠠᠭ᠎ᠠ ᠲᠠᠢ ᠲᠠᠷᠠᠭ ᠢ᠋ᠶ᠋ᠠᠨ ᠬᠣᠢᠨ᠎ᠠ ᠬᠣᠢᠨ᠎ᠠ ᠠ᠋ᠴᠠ ᠨᠢ᠂ ᠬᠠᠢ᠂ ᠬᠠᠢ ᠭᠡᠵᠦ ᠠᠰ ᠳᠡᠭᠡᠭᠰᠢ ᠰᠢᠳᠡᠳᠡᠭ᠃ ᠡᠨᠡ ᠨᠢ ᠲᠡᠭᠷᠢ ᠳ᠋ᠦ᠍ ᠥᠭᠴᠦ ᠪᠠᠢᠬᠤ ᠤᠬᠠᠭᠠᠨ ᠲᠠᠢ᠃ ᠲᠡᠭᠡᠬᠦ ᠳ᠋ᠦ᠍ ᠨᠢ ᠥᠨᠥᠬᠢ ᠬᠣᠶᠠᠷ ᠠᠶᠠᠭ᠎ᠠ ᠢᠷᠣᠭᠠᠷ  ᠢ᠋ᠶ᠋ᠠᠷ ᠢ᠋ᠶ᠋ᠠᠨ ᠪᠠᠭᠤᠵᠤ ᠢᠷᠡᠭᠡᠳ ᠪᠥᠬᠡ ᠶ᠋ᠢᠨ ᠡᠮᠦᠨ᠎ᠡ ᠤᠨᠠᠬᠤ ᠳ᠋ᠤ᠌ ᠳᠣᠲᠣᠷᠠᠬᠢ ᠲᠠᠷᠠᠭ ᠨᠢ ᠠᠰᠠᠭᠳᠠᠭ ᠦᠭᠡᠢ ᠭᠡᠨ᠎ᠡ᠃ ᠡᠭᠦᠨ ᠡᠴᠡ ᠨᠢ ᠦᠵᠡᠪᠡᠯ᠂ ᠲᠡᠷᠡ ᠪᠥᠬᠡ ᠵᠣᠬᠢᠬᠤ ᠪᠣᠯᠪᠠᠰᠤᠷᠠᠯ ᠬᠦᠷᠲᠡᠭᠰᠡᠨ ᠪᠠᠢᠨ᠎ᠠ᠃ ᠁ ᠲᠠᠬᠢᠯᠭ᠎ᠠ ᠬᠢᠵᠦ ᠪᠠᠢᠭ᠎ᠠ ᠦᠶᠡᠰ ᠣᠢᠷ᠎ᠠ ᠣᠷᠴᠢᠮ ᠤ᠋ᠨ ᠬᠥᠮᠦᠰ ᠠᠷᠪᠢᠨ ᠴᠤᠭᠯᠠᠷᠠᠵᠤ ᠬᠤᠪᠢ ᠬᠤᠪᠢ ᠪᠠᠷ ᠢ᠋ᠶ᠋ᠠᠨ ᠴᠠᠭᠠᠨ ᠤᠯᠠᠭᠠᠨ ᠢᠳᠡᠭᠡᠨ ᠦ᠌ ᠳᠡᠭᠡᠵᠢ ᠡᠷᠭᠦᠵᠦ ᠲᠡᠭᠷᠢ ᠳ᠋ᠦ᠍ ᠵᠠᠯᠪᠠᠷᠢᠨ ᠮᠥᠷᠭᠥᠨ᠎ᠡ᠃ ᠲᠡᠭᠷᠢ ᠶ᠋ᠢᠨ ᠭᠠᠯ ᠳ᠋ᠤ᠌ ᠠᠯᠠᠭᠳᠠᠭᠰᠠᠨ ᠬᠥᠮᠦᠨ᠂ ᠮᠠᠯ ᠤ᠋ᠨ ᠭᠡᠷ ᠦ᠋ᠨ ᠡᠵᠡᠨ ᠬᠣᠨᠢᠨ ᠰᠢᠭᠦᠰᠦ ᠭᠠᠷᠭᠠᠵᠤ ᠲᠠᠬᠢᠯ ᠲᠠᠯᠪᠢᠳᠠᠭ ᠪᠥᠭᠡᠳ ᠬᠣᠶᠠᠷ ᠠᠶᠠᠭ᠎ᠠ ᠲᠠᠢ ᠲᠠᠷᠠᠭ ᠢ᠋ᠶ᠋ᠠᠨ ᠳᠥᠷᠪᠡᠨ ᠵᠦᠭ ᠨᠠᠢ᠍ᠮᠠᠨ ᠵᠣᠪᠬᠢᠰ ᠲᠤ᠌ ᠰᠠᠴᠤᠭᠠᠳ ᠲᠠᠬᠢᠯᠭ᠎ᠠ ᠶ᠋ᠢ ᠲᠡᠭᠦᠰᠬᠡᠳᠡᠭ ᠶᠦ᠍ᠮ᠃ ᠡᠢᠮᠦᠷᠬᠦᠦ ᠲᠠᠬᠢᠯᠭ᠎ᠠ ᠵᠠᠷᠤᠳ᠂ ᠪᠠᠭᠠᠷᠢᠨ᠂ ᠬᠣᠷᠴᠢᠨ ᠪᠠ ᠣᠷᠳᠣᠰ ᠲᠤ᠌ ᠪᠠᠢᠳᠠᠭ᠃ ᠤᠷᠳᠤᠰᠴᠤᠳ ᠲᠡᠳᠡᠨ ᠢ᠋ ᠳᠠᠭᠤᠳᠠᠭᠠᠴᠢ ᠭᠡᠵᠦ᠂ ᠬᠣᠷᠴᠢᠨᠴᠣᠳ ᠬᠤᠸᠠᠨ ᠲᠢᠶᠠᠨ ᠭᠡᠳᠡᠭ᠃ ᠪᠠᠭᠠᠷᠢᠨ ᠤ᠋ ᠤᠳᠤᠮ ᠤ᠋ᠨ ᠪᠥᠬᠡ ᠨᠠᠷ ᠴᠠᠬᠢᠯᠭᠠᠨ ᠲᠡᠭᠷᠢ ᠶ᠋ᠢᠨ ᠲᠠᠬᠢᠯᠭ᠎ᠠ ᠳ᠋ᠤ᠌ ᠲᠡᠭᠷᠢ ᠨᠠᠷ ᠢ᠋ ᠪᠤᠷᠤᠭᠤᠰᠢᠶᠠᠨ ᠵᠢᠮᠡᠯᠡᠬᠦ ᠪᠡᠷ ᠪᠠᠷᠠᠬᠤ ᠦᠭᠡᠢ ᠬᠠᠶᠠ ᠵᠠᠷᠢᠮ ᠳ᠋ᠤ᠌ ᠪᠠᠨ ᠬᠠᠷᠢᠶᠠᠬᠤ ᠤᠳᠠᠭ᠎ᠠ ᠭᠠᠷᠳᠠᠭ ᠭᠡᠨ᠎ᠡ᠃ ᠨᠢᠮ᠎ᠠ ᠄ ᠪᠥᠬᠡ ᠮᠥᠷᠭᠥᠯ ᠦ᠋ᠨ ᠲᠤᠬᠠᠢ ᠬᠡᠳᠦᠨ ᠠᠰᠠᠭᠤᠳᠠᠯ᠂ ᠪᠣᠷᠵᠢᠭᠢᠳᠠᠢ ᠣᠶᠣᠨᠪᠢᠯᠢᠭ᠌᠂ ᠯ ᠨᠠᠷᠠᠩᠭᠤᠸ᠎ᠠ ᠨᠠᠢᠷᠠᠭᠤᠯᠤᠭᠰᠠᠨ ᠄ ᠡᠯᠪᠡᠭ ᠪᠦᠲᠦᠭᠡᠯ ᠫᠷᠣᠹᠧᠰᠰᠣᠷ ᠳ᠋ᠣᠺᠲ᠋ᠣᠷ ᠵᠠᠭᠴᠢᠳ ᠰᠡᠴᠡᠨ ᠦ᠌ ᠨᠠᠶᠠᠨ ᠨᠠᠰᠤᠨ ᠤ᠋ ᠣᠢ ᠳ᠋ᠤ᠌᠂ ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶ᠎ᠠ᠂ 1996 ᠣᠨ᠂(271 ᠡᠴᠡ 275 ᠳ᠋ᠤᠭᠠᠷ ᠬᠠᠭᠤᠳᠠᠰᠤ)᠃
   ᠪᠢ ᠥᠪᠡᠷ ᠢ᠋ᠶ᠋ᠡᠨ ᠵᠠᠷᠤᠳ ᠲᠤ᠌ ᠬᠢᠭᠰᠡᠨ ᠪᠠᠢᠴᠠᠭᠠᠯᠲᠠ ᠶ᠋ᠢ ᠦᠨᠳᠦᠰᠦᠯᠡᠪᠡᠯ᠂ ᠨᠢᠮ᠎ᠠ ᠭᠤᠸᠠᠢ ᠶ᠋ᠢᠨ ᠬᠡᠯᠡᠳᠡᠭ ᠤᠳᠤᠮ ᠤ᠋ᠨ ᠪᠥᠬᠡ ᠶ᠋ᠢ ᠵᠠᠷᠤᠳ ᠲᠤ᠌ ᠠᠳᠠᠯᠢᠬᠠᠨ ᠳᠠᠭᠤᠳᠠᠭᠠᠴᠢᠨ ᠭᠡᠳᠡᠭ ᠪᠠᠢᠨ᠎ᠠ᠃ ᠵᠠᠷᠤᠳ ᠬᠤᠰᠢᠭᠤᠨ ᠤ᠋ ᠤᠯᠠᠭᠠᠨᠬᠠᠳᠠ ᠰᠤᠮᠤᠨ ᠤ᠋ ᠰᠠᠢᠪᠤᠷ ᠭᠠᠴᠠᠭᠠᠨ ᠳ᠋ᠤ᠌ ᠨᠢᠭᠡᠨ ᠳᠠᠭᠤᠳᠠᠭᠠᠴᠢᠨ᠌ ᠠᠢᠯ ᠪᠠᠢᠭᠰᠠᠨ᠂ ᠦᠷ᠎ᠡ ᠬᠡᠦᠬᠡᠳ ᠨᠢ ᠣᠳᠣ ᠬᠤᠰᠢᠭᠤᠨ ᠳ᠋ᠤ᠌ ᠪᠠᠨ ᠠᠮᠢᠳᠤᠷᠠᠬᠤ ᠨᠢ ᠠᠮᠢᠳᠤᠷᠠᠵᠤ᠂ ᠬᠥᠬᠡᠬᠣᠲᠠ ᠳ᠋ᠤ᠌ ᠪᠠᠢᠬᠤ ᠨᠢ ᠪᠠᠢᠨ᠎ᠠ᠃ ᠲᠡᠳᠡ ᠡᠪᠦᠭᠡ ᠳᠡᠭᠡᠳᠦᠰ ᠦ᠋ᠨ ᠢ᠋ᠶ᠋ᠡᠨ ᠳᠠᠭᠤᠳᠠᠭᠠᠴᠢᠨ ᠶᠠᠪᠤᠭᠰᠠᠨ ᠢ᠋ ᠮᠠᠰᠢ ᠲᠣᠳᠣᠷᠬᠠᠢ ᠳᠤᠷᠠᠰᠤᠨ ᠶᠠᠷᠢᠵᠤ ᠪᠣᠢ ᠪᠥᠭᠡᠳ ᠳᠡᠭᠡᠷ᠎ᠡ ᠦᠶ᠎ᠡ ᠶ᠋ᠢᠨ ᠬᠢ ᠨᠢ ᠪᠢᠴᠢᠵᠦ ᠦᠯᠡᠳᠡᠭᠡᠭᠰᠡᠨ ᠵᠦᠢᠯ ᠢ᠋ ᠴᠦ᠍ ᠪᠠᠭ᠎ᠠ ᠰᠠᠭ᠎ᠠ ᠬᠠᠳᠠᠭᠠᠯᠠᠵᠤ ᠪᠣᠢ᠃ ᠡᠨᠡᠬᠦ ᠠᠢᠯ ᠤᠷᠢᠶᠠᠩᠬᠠᠨ ᠣᠪᠣᠭ ᠲᠠᠢ᠂ ᠦᠶ᠎ᠡ ᠦᠶ᠎ᠡ ᠪᠡᠷ ᠢ᠋ᠶ᠋ᠡᠨ ᠳᠠᠭᠤᠳᠠᠭᠠᠴᠢᠨ ᠶᠠᠪᠤᠭᠰᠠᠨ ᠠᠵᠢ᠃ ᠲᠡᠳᠡᠨ ᠦ᠌ ᠡᠪᠦᠭᠡ ᠳᠡᠭᠡᠳᠦᠰ ᠤᠤᠯ ᠳ᠋ᠤ᠌ ᠪᠠᠨ ᠮᠣᠳᠣ ᠰᠤᠮᠤᠨ ᠤ᠋ ᠨᠠᠷᠠᠨ ᠭᠠᠴᠠᠭᠠᠨ ᠳ᠋ᠤ᠌ ᠪᠠᠢᠭᠰᠠᠨ ᠭᠡᠳᠡᠭ᠃ ᠲᠡᠳᠡᠨ ᠦ᠌ ᠳᠡᠭᠡᠳᠦᠰ ᠦ᠋ᠨ ᠣᠩᠭᠣᠨ ᠨᠢ ᠪᠠᠶᠠᠷᠳᠤᠬᠣᠰᠢᠭᠤ ᠰᠤᠮᠤᠨ ᠤ᠋ ᠡᠮᠦᠨ᠎ᠡ ᠪᠡᠶ᠎ᠡ ᠶ᠋ᠢᠨ ᠪᠤᠷᠤᠯᠵᠢᠨ ᠰᠦᠮ᠎ᠡ ᠶ᠋ᠢᠨ ᠪᠠᠷᠠᠭᠤᠨ ᠳ᠋ᠤ᠌ ᠪᠠᠢᠳᠠᠭ᠃ ᠰᠡᠭᠦᠯᠡᠷ ᠨᠢ᠂ ᠤᠯᠠᠭᠠᠨᠬᠠᠳᠠ ᠶ᠋ᠢᠨ ᠬᠣᠷᠣᠭ᠎ᠠ ᠶ᠋ᠢᠨ ᠠᠢᠯ ᠳ᠋ᠤ᠌ ᠨᠡᠭᠦᠵᠦ᠂ ᠲᠡᠨᠳᠡ ᠭᠠᠳᠠᠨ᠎ᠠ ᠬᠤᠰᠢᠭᠤᠨ ᠤ᠋ ᠬᠥᠮᠦᠰ ᠣᠯᠠᠰᠢᠷᠠᠬᠤ ᠪᠠᠷ ᠨᠢ ᠪᠠᠰᠠ ᠨᠡᠭᠦᠵᠦ᠂ ᠥᠪᠥᠷ ᠬᠥᠨᠳᠡᠯᠡᠨ ᠭᠣᠣᠯ ᠤ᠋ᠨ ᠬᠣᠢᠲᠤ ᠬᠥᠪᠡᠭᠡᠨ ᠦ᠌ ᠰᠠᠢᠪᠤᠷ ᠭᠠᠴᠠᠭᠠᠨ ᠳ᠋ᠤ᠌ ᠢᠷᠡᠵᠡᠢ᠃ ᠮᠢᠨᠦ ᠰᠤᠷᠪᠤᠯᠵᠢᠯᠠᠭᠰᠠᠨ ᠡᠨᠡ ᠭᠡᠷ ᠦ᠋ᠨ ᠬᠥᠮᠦᠰ ᠦ᠋ᠨ ᠬᠡᠯᠡᠬᠦ ᠪᠡᠷ᠂ ᠨᠠᠭᠠᠴᠤ ᠡᠮᠡᠭᠡ ᠪᠠ ᠡᠯᠦᠨᠴᠡ ᠡᠮᠡᠭᠡ ᠨᠢ ᠪᠦᠷ ᠳᠠᠷᠬᠠᠨ ᠬᠤᠰᠢᠭᠤᠨ ᠤ᠋ ᠪᠣᠷᠵᠢᠭᠢᠨ ᠣᠪᠣᠭᠲᠤ ᠤᠯᠤᠰ ᠪᠥᠭᠡᠳ ᠲᠡᠳᠡᠨ ᠢ᠋ ᠪᠠᠭ᠎ᠠ ᠪᠠᠢᠬᠤ ᠳ᠋ᠤ᠌ ᠨᠢ ᠲᠠᠨᠠᠢᠬᠢ ᠪᠣᠯ ᠬᠠᠭᠤᠴᠢᠨ ᠵᠠᠷᠤᠳ ᠤᠯᠤᠰ᠂ ᠳᠠᠭᠤᠳᠠᠭᠠᠴᠢᠨ ᠠᠢᠮᠠᠭ᠂ ᠡᠪᠦᠭᠡ ᠠᠪᠤ ᠠ᠋ᠴᠠ ᠴᠢᠨᠢ ᠳᠡᠭᠡᠭᠰᠢ ᠦᠶ᠎ᠡ ᠤᠯᠠᠷᠢᠨ ᠳᠠᠭᠤᠳᠠᠭᠠᠴᠢᠨ ᠶᠠᠪᠤᠭᠰᠠᠨ᠃ ᠲᠠᠨᠠᠢᠬᠢᠨ ᠬᠡᠯᠡ ᠠᠮᠠ ᠬᠠᠲᠠᠭᠤ ᠲᠠᠢ ᠤᠯᠤᠰ᠂ ᠪᠤᠰᠤᠳ ᠠᠢᠯ ᠠᠢᠮᠠᠭ ᠤ᠋ᠨ ᠬᠥᠮᠦᠰ ᠲᠠᠨᠠᠢᠬᠢᠨ ᠲᠠᠢ ᠦᠭᠡ ᠠᠮᠠ ᠵᠥᠷᠢᠬᠦ ᠡᠴᠡ ᠪᠡᠨ ᠠᠶᠤᠵᠤ ᠵᠢᠷᠦᠬᠡᠰᠢᠶᠡᠳᠡᠭ ᠶᠦ᠍ᠮ᠃ ᠲᠡᠭᠷᠢ ᠳᠤᠤᠭᠠᠷᠴᠤ ᠠᠶᠤᠩᠭ᠎ᠠ ᠪᠠᠭᠤᠭᠰᠠᠨ ᠲᠣᠬᠢᠶᠠᠯᠳᠤᠯ ᠳ᠋ᠤ᠌ ᠳᠠᠭᠤᠳᠠᠭᠠᠴᠢᠨ ᠮᠣᠷᠢᠲᠠᠢ ᠳᠠᠪᠬᠢᠭᠤᠯᠵᠤ ᠲᠡᠭᠷᠢ ᠶ᠋ᠢ ᠵᠠᠩᠨᠠᠨ ᠵᠢᠮᠡᠯᠡᠵᠦ ᠬᠠᠷᠢᠶᠠᠨ ᠳᠣᠩᠭᠣᠳᠳᠠᠭ᠃ ᠡᠨᠡ ᠨᠢ ᠲᠡᠳᠡᠨ ᠦ᠌ ᠣᠨᠴᠠ ᠡᠷᠬᠡ᠃ ᠲᠡᠭᠷᠢ ᠪᠠᠭᠤᠭᠰᠠᠨ ᠭᠠᠵᠠᠷ ᠣᠴᠢᠵᠤ ᠳᠣᠩᠭᠣᠳᠤᠨ ᠵᠢᠮᠡᠯᠡᠵᠦ ᠶᠣᠰᠣᠯᠠᠯ ᠬᠢᠭᠰᠡᠨ ᠬᠣᠢᠨ᠎ᠠ ᠰᠠᠢᠬᠠᠨ ᠪᠣᠷᠣᠭᠠᠨ ᠣᠷᠣᠳᠠᠭ ᠭᠡᠵᠦ ᠬᠡᠯᠡᠵᠦ ᠥᠭᠴᠦ ᠪᠠᠢᠪᠠ᠃ ᠲᠡᠳᠡᠨ ᠦ᠌ ᠬᠡᠯᠡᠬᠦ ᠪᠡᠷ᠂ 1975 ᠣᠨ ᠤ᠋ ᠵᠤᠨ ᠬᠤᠤᠯᠢᠨ ᠭᠣᠣᠯ ᠬᠠᠪᠢ ᠶ᠋ᠢᠨ ᠣᠲᠣᠷ ᠨᠡᠭᠦᠳᠡᠯ ᠳᠡᠭᠡᠷ᠎ᠡ ᠡᠨᠡ ᠠᠢᠯ ᠤ᠋ᠨ ᠬᠠᠰᠠᠭ ᠲᠡᠷᠭᠡᠨ ᠳᠡᠭᠡᠷ᠎ᠡ ᠠᠶᠤᠩᠭ᠎ᠠ ᠳᠠᠭᠠᠷᠢᠵᠤ (ᠲᠡᠭᠷᠢ ᠪᠠᠭᠤᠭᠰᠠᠨ ᠭᠡᠵᠦ ᠬᠡᠯᠡᠵᠦ ᠪᠣᠢ)᠂ ᠲᠡᠷᠭᠡᠨ ᠳᠣᠣᠷ᠎ᠠ ᠪᠣᠷᠣᠭᠠᠨ ᠠ᠋ᠴᠠ ᠳᠠᠯᠳᠠᠯᠠᠵᠤ ᠪᠠᠢᠭᠰᠠᠨ ᠭᠡᠷ ᠦ᠋ᠨ ᠬᠥᠮᠦᠰ ᠢ᠋ ᠨᠢ ᠬᠣᠯᠠ ᠰᠢᠳᠡᠨ ᠭᠠᠷᠭᠠᠵᠤ᠂ ᠨᠢᠭᠡ ᠡᠷᠡᠭᠲᠡᠢ ᠬᠡᠦᠬᠡᠳ ᠠᠮᠢ ᠡᠨᠳᠡᠭᠰᠡᠨ ᠪᠠᠢᠪᠠ᠃ ᠲᠡᠭᠡᠬᠦ ᠳ᠋ᠦ᠍ ᠡᠨᠡ ᠶᠠᠪᠤᠳᠠᠯ ᠭᠠᠷᠤᠭᠰᠠᠨ ᠤ᠋ ᠰᠢᠯᠲᠠᠭᠠᠨ ᠪᠣᠯ ᠰᠣᠶᠣᠯ ᠤ᠋ᠨ ᠬᠤᠪᠢᠰᠬᠠᠯ ᠠ᠋ᠴᠠ ᠰᠡᠭᠦᠯᠡᠷ ᠡᠨᠡ ᠠᠢᠯ ᠤ᠋ᠨ ᠬᠢᠨ ᠳᠠᠭᠤᠳᠠᠭᠠᠴᠢᠨ ᠤ᠋ ᠴᠡᠭᠡᠷ ᠢ᠋ᠶ᠋ᠡᠨ ᠠᠯᠳᠠᠭᠰᠠᠨ ᠠ᠋ᠴᠠ ᠪᠣᠯᠵᠠᠢ ᠭᠡᠵᠦ ᠨᠠᠭᠠᠴᠤ ᠨᠠᠷ ᠨᠢ ᠬᠡᠯᠡᠵᠦ ᠥᠭᠭᠦᠭᠰᠡᠨ ᠭᠡᠳᠡᠭ᠃ ᠲᠡᠳᠡᠨ ᠦ᠌ ᠬᠡᠯᠡᠬᠦ ᠪᠡᠷ ᠳᠠᠭᠤᠳᠠᠭᠠᠴᠢᠨ ᠠᠢᠮᠠᠭ ᠤ᠋ᠨ ᠬᠢᠨ ᠳᠡᠯᠢᠭᠦᠦ ᠢᠳᠡᠪᠡᠯ ᠳᠡᠯᠪᠡᠷᠡᠵᠦ ᠦᠬᠦᠨ᠎ᠡ᠂ ᠣᠯᠣᠭᠠᠢ ᠢᠳᠡᠪᠡᠯ ᠣᠭᠰᠢᠭᠤᠯᠵᠤ ᠦᠬᠦᠨ᠎ᠡ ᠭᠡᠵᠦ ᠮᠠᠯ ᠤ᠋ᠨ ᠳᠡᠯᠢᠭᠦᠦ ᠣᠯᠣᠭᠠᠢ ᠢᠳᠡᠬᠦ ᠦᠭᠡᠢ ᠴᠢᠩᠭ᠎ᠠ ᠴᠡᠭᠡᠷ ᠲᠡᠢ ᠭᠡᠨ᠎ᠡ᠃ ᠣᠯᠠᠨ ᠤ᠋ ᠮᠡᠳᠡᠭᠡᠵᠢ ᠪᠡᠷ᠂ ᠥᠨᠥᠳᠥᠷ ᠦ᠋ᠨ ᠵᠠᠷᠤᠳ ᠬᠤᠰᠢᠭᠤᠨ ᠤ᠋ ᠤᠯᠠᠭᠠᠨᠬᠠᠳᠠ ᠰᠤᠮᠤᠨ ᠤ᠋ ᠶᠡᠬᠡᠩᠬᠢ ᠬᠡᠰᠡᠭ ᠨᠢ ᠬᠣᠷᠴᠢᠨ ᠵᠡᠭᠦᠨ ᠭᠠᠷ ᠤ᠋ᠨ ᠳᠤᠮᠳᠠᠳᠤ ᠬᠤᠰᠢᠭᠤᠨ ᠤ᠋ ᠨᠤᠲᠤᠭ᠂ 1947 ᠣᠨ ᠠ᠋ᠴᠠ ᠰᠡᠭᠦᠯᠡᠷ ᠵᠠᠷᠤᠳ ᠬᠤᠰᠢᠭᠤᠨ ᠳ᠋ᠤ᠌ ᠬᠤᠪᠢᠶᠠᠭᠳᠠᠨ ᠣᠷᠣᠵᠤ᠂ ᠥᠨᠥᠳᠥᠷ ᠦ᠋ᠨ ᠤᠯᠠᠭᠠᠨᠬᠠᠳᠠ ᠰᠤᠮᠤ ᠶ᠋ᠢ ᠪᠦᠷᠢᠯᠳᠦᠭᠦᠯᠵᠡᠢ᠃ ᠭᠡᠪᠡᠴᠦ᠂ ᠤᠯᠠᠭᠠᠨᠬᠠᠳᠠ ᠶ᠋ᠢᠨ ᠬᠥᠮᠦᠰ ᠪᠦᠭᠦᠳᠡ ᠭᠠᠳᠠᠷ ᠬᠤᠰᠢᠭᠤᠨ ᠠ᠋ᠴᠠ ᠢᠷᠡᠭᠰᠡᠨ ᠪᠢᠰᠢ᠂ ᠡᠨᠡ ᠳᠠᠭᠤᠳᠠᠭᠠᠴᠢᠨ ᠠᠢᠯ ᠰᠢᠭ᠋ ᠵᠠᠷᠤᠳ ᠰᠠᠭᠤᠭᠠᠯᠢ ᠤᠯᠤᠰ ᠪᠠᠰᠠ ᠨᠡᠯᠢᠶᠡᠳ ᠪᠣᠢ᠃
  ᠪᠠᠶᠠᠷᠲᠤᠬᠣᠰᠢᠭᠤ ᠪᠠᠯᠭᠠᠰᠤᠨ ᠤ᠋ ᠪᠠᠷᠢᠮᠲᠠ ᠭᠠᠴᠠᠭᠠᠨ ᠳ᠋ᠤ᠌ ᠪᠠᠰᠠ ᠳᠠᠭᠤᠳᠠᠭᠠᠴᠢᠨ ᠠᠢᠮᠠᠭ ᠤ᠋ᠨ ᠬᠥᠮᠦᠰ ᠠᠮᠢᠳᠤᠷᠠᠵᠤ ᠪᠠᠢᠨ᠎ᠠ᠃ ᠲᠡᠳᠡ ᠨᠠᠷ ᠢᠷᠭᠡᠨ ᠤᠯᠤᠰ ᠤ᠋ᠨ ᠦᠶ᠎ᠡ ᠶ᠋ᠢᠨ ᠵᠠᠷᠤᠳ ᠤ᠋ᠨ ᠴᠤᠤᠲᠠᠢ ᠰᠢᠰᠦ ᠮᠡᠢᠷᠡᠨ ᠦ᠌ ᠬᠣᠢᠴᠢᠰ ᠭᠡᠵᠦ ᠬᠡᠯᠡᠳᠡᠭ᠃ ᠲᠡᠳᠡᠨ ᠥᠪᠡᠷ ᠢ᠋ ᠪᠡᠨ ᠳᠠᠭᠤᠳᠠᠭᠠᠴᠢᠨ ᠠᠢᠮᠠᠭ ᠭᠡᠳᠡᠭ ᠪᠥᠭᠡᠳ ᠪᠠᠰᠠ ᠲᠢᠶᠠᠨ ᠣᠪᠣᠭᠲᠠᠢ ᠭᠡᠵᠦ ᠪᠠᠢᠨ᠎ᠠ᠃ ᠮᠢᠨᠦ ᠦᠵᠡᠬᠦ ᠪᠡᠷ᠂ ᠡᠨᠡᠬᠦ ᠲᠢᠶᠠᠨ ᠣᠪᠣᠭ ᠨᠢ ᠶᠠᠭ ᠳᠠᠭᠤᠳᠠᠭᠠᠴᠢᠨ ᠢ᠋ ᠬᠢᠲᠠᠳ ᠢ᠋ᠶ᠋ᠠᠷ ᠬᠤᠸᠠᠨ ᠲᠢᠶᠠᠨ ᠭᠡᠵᠦ ᠣᠷᠴᠢᠭᠤᠯᠤᠭᠠᠳ᠂ ᠲᠡᠭᠦᠨ ᠢ᠋ᠶ᠋ᠡᠨ ᠲᠢᠶᠠᠨ ᠭᠡᠵᠦ ᠳᠥᠭᠥᠮᠴᠢᠯᠡᠵᠦ᠂ ᠤᠯᠠᠮ ᠢ᠋ᠶ᠋ᠠᠷ ᠬᠢᠲᠠᠳ ᠣᠪᠣᠭ ᠢ᠋ ᠳᠠᠭᠠᠭᠤᠯᠤᠨ ᠨᠥᠭᠦᠭᠡ ᠬᠢᠲᠠᠳ ᠣᠪᠣᠭ ᠤ᠋ᠨ ᠲᠢᠶᠠᠨ ᠢ᠋ ᠠᠪᠤᠭᠰᠠᠨ ᠪᠣᠯᠤᠯᠲᠠᠢ᠃ ᠡᠨᠡ ᠨᠢ ᠣᠷᠴᠢᠨ ᠦᠶ᠎ᠡ ᠶ᠋ᠢᠨ ᠮᠣᠩᠭᠣᠯᠴᠤᠳ ᠤ᠋ᠨ ᠬᠢᠲᠠᠳ ᠣᠪᠣᠭ ᠠᠪᠬᠤ ᠵᠠᠩᠰᠢᠯ ᠲᠠᠢ ᠨᠡᠢᠴᠡᠵᠦ ᠪᠠᠢᠨ᠎ᠠ᠃
ᠪᠢᠳᠡ ᠳᠠᠬᠢᠭᠠᠳ ᠰᠤᠳᠤᠷ ᠪᠢᠴᠢᠭ ᠦ᠋ᠨ ᠲᠡᠮᠳᠡᠭᠯᠡᠯ ᠳᠡᠭᠡᠷ᠎ᠡ ᠪᠡᠨ ᠪᠤᠴᠠᠶ᠎ᠠ᠃ ᠠᠷᠪᠠᠨ ᠳᠥᠷᠪᠡᠳᠦᠭᠡᠷ ᠵᠠᠭᠤᠨ ᠤ᠋ ᠡᠬᠢ ᠪᠡᠷ ᠫᠧᠸ᠋ᠷᠰ ᠲᠦ᠍ ᠵᠣᠬᠢᠶᠠᠭᠳᠠᠭᠰᠠᠨ ᠷᠠᠰᠢᠳ᠋ ᠠᠳ᠋ ᠳ᠋ᠢᠨ ᠦ᠌ ᠲᠡᠦᠬᠡᠨ ᠦ᠌ ᠴᠢᠭᠤᠯᠭᠠᠨ ᠪᠣᠯ ᠮᠣᠩᠭᠣᠯ ᠤ᠋ᠨ ᠲᠡᠦᠬᠡ ᠵᠠᠩ ᠢᠷᠭᠡᠨᠰᠢᠯ ᠢ᠋ ᠳᠡᠯᠭᠡᠷᠡᠩᠭᠦᠢ ᠪᠥᠭᠡᠳ ᠢᠲᠡᠭᠡᠭᠦᠰᠢᠲᠡᠢ ᠲᠡᠮᠳᠡᠭᠯᠡᠭᠰᠡᠨ ᠢ᠋ᠶ᠋ᠡᠷ ᠢ᠋ᠶ᠋ᠡᠨ ᠴᠤᠤᠲᠠᠢ ᠰᠤᠷᠪᠤᠯᠵᠢ ᠪᠢᠴᠢᠭ ᠪᠣᠯᠬᠤ ᠶᠤᠮ᠃ ᠲᠤᠰ ᠨᠣᠮ ᠤ᠋ᠨ ᠨᠢᠭᠡᠳᠦᠭᠡᠷ ᠪᠣᠳᠢ ᠳ᠋ᠤ᠌ ᠮᠣᠩᠭᠣᠯ ᠠᠢᠮᠠᠭ ᠤ᠋ᠳ ᠤ᠋ᠨ ᠣᠢᠯᠠᠪᠤᠷᠢ ᠪᠣᠢ᠃ ᠲᠡᠭᠦᠨ ᠦ᠌ ᠳᠣᠲᠣᠷ᠎ᠠ ᠮᠣᠩᠭᠣᠯ ᠣᠷᠢᠶᠠᠩᠬᠠᠨ ᠬᠡᠮᠡᠬᠦ ᠬᠡᠰᠡᠭ ᠲᠦ᠍ ᠪᠡᠨ ᠡᠢᠨ ᠬᠦ᠌ ᠲᠡᠮᠳᠡᠭᠯᠡᠵᠡᠢ᠃ ᠣᠷᠢᠶᠠᠩᠬᠠᠨᠴᠤᠳ ᠥᠪᠡᠷ ᠢ᠋ᠶ᠋ᠡᠨ ᠡᠷᠭᠦᠨ᠎ᠡ ᠬᠤᠨ ᠤ᠋ ᠳᠣᠯᠣᠭᠠᠨ ᠵᠤᠤᠬ᠎ᠠ ᠶ᠋ᠢ ᠨᠣᠴᠣᠭᠠᠬᠤ ᠳ᠋ᠤ᠌ ᠣᠷᠣᠯᠴᠠᠭᠰᠠᠨ ᠭᠡᠵᠦ ᠬᠡᠯᠡᠳᠡᠭ (ᠡᠨᠡ ᠨᠢ ᠮᠣᠩᠭᠣᠯᠴᠤᠳ ᠡᠷᠭᠦᠨ᠎ᠡ ᠬᠤᠨ ᠤ᠋ ᠠᠰᠬ᠎ᠠ ᠬᠠᠳᠠ ᠶ᠋ᠢ ᠳᠣᠯᠣᠭᠠᠨ ᠵᠤᠤᠬ᠎ᠠ ᠪᠠᠷ ᠬᠠᠢᠯᠤᠭᠤᠯᠤᠨ ᠰᠡᠲᠡᠯᠵᠦ᠂ ᠲᠡᠨᠳᠡ ᠡᠴᠡ ᠭᠠᠷᠤᠭᠠᠳ᠂ ᠮᠣᠩᠭᠣᠯ ᠤ᠋ᠨ ᠥᠨᠳᠥᠷᠯᠢᠭ ᠲᠦ᠍ ᠢᠷᠡᠭᠰᠡᠨ ᠢ᠋ ᠳᠤᠷᠠᠰᠤᠭᠰᠠᠨ ᠦᠯᠢᠭᠡᠷ ᠢ᠋ ᠬᠡᠯᠡᠵᠦ ᠪᠣᠢ ᠡᠰᠢᠯᠡᠭᠴᠢ)᠃ ᠲᠡᠳᠡ ᠨᠠᠷ ᠲᠤ᠌ ᠡᠢᠮᠦ ᠨᠢᠭᠡᠨ ᠵᠠᠩᠰᠢᠯ ᠪᠣᠢ ᠄ ᠠᠶᠤᠩᠭ᠎ᠠ ᠴᠠᠬᠢᠯᠭᠠᠨ ᠮᠠᠰᠢ ᠰᠦᠷᠡᠬᠡᠢ ᠭᠠᠷᠬᠤ ᠦᠶ᠎ᠡ ᠳ᠋ᠦ᠍ ᠲᠡᠳᠡ ᠨᠠᠷ ᠲᠡᠭᠷᠢ ᠶ᠋ᠢ ᠬᠠᠷᠢᠶᠠᠵᠤ᠂ ᠡᠭᠦᠯᠡ ᠶ᠋ᠢ ᠬᠠᠷᠢᠶᠠᠵᠤ᠂ ᠠᠶᠤᠩᠭ᠎ᠠ ᠴᠠᠬᠢᠯᠭᠠᠨ ᠢ᠋ ᠬᠠᠷᠢᠶᠠᠵᠤ᠂ ᠲᠡᠳᠡᠭᠡᠷ ᠦ᠋ᠨ ᠵᠦᠭ ᠪᠠᠷᠬᠢᠷᠠᠵᠤ ᠬᠠᠰᠬᠢᠷᠳᠠᠭ᠃ ᠮᠠᠯ ᠢ᠋ ᠠᠶᠤᠩᠭ᠎ᠠ ᠨᠢᠷᠭᠡᠵᠦ ᠠᠯᠠᠭᠰᠠᠨ ᠲᠣᠬᠢᠶᠠᠯᠳᠤᠯ ᠳ᠋ᠤ᠌ ᠲᠡᠳᠡ ᠲᠡᠭᠦᠨ ᠡᠴᠡ ᠵᠠᠢᠯᠠᠵᠤ ᠮᠢᠬ᠎ᠠ ᠶ᠋ᠢ ᠨᠢ ᠢᠳᠡᠳᠡᠭ ᠦᠭᠡᠢ᠃ ᠢᠩᠭᠢᠪᠡᠯ ᠰᠠᠶᠢ ᠠᠶᠤᠩᠭ᠎ᠠ ᠳᠤᠤᠭᠠᠷᠬᠤ ᠪᠠᠨ ᠪᠣᠯᠢᠨ᠎ᠠ ᠭᠡᠵᠦ ᠢᠲᠡᠭᠡᠳᠡᠭ᠃ ᠪᠤᠰᠤᠳ ᠮᠣᠩᠭᠣᠯᠴᠤᠳ ᠪᠣᠯ ᠲᠡᠳᠡᠨ ᠡᠴᠡ ᠠᠰᠲᠠᠭᠠᠨ᠂ ᠠᠶᠤᠩᠭ᠎ᠠ ᠳᠤᠤᠭᠠᠷᠬᠤ ᠦᠶ᠎ᠡ ᠳ᠋ᠦ᠍ ᠭᠡᠷ ᠡᠴᠡ ᠪᠡᠨ ᠭᠠᠷᠳᠠᠭ ᠦᠭᠡᠢ ᠠᠶᠤᠵᠤ ᠰᠠᠭᠤᠳᠠᠭ᠂ ᠲᠡᠳᠡᠨᠡᠷ ᠦ᠋ᠨ ᠪᠠᠰᠠ ᠬᠡᠯᠡᠬᠦ ᠪᠡᠷ᠂ ᠵᠦᠢᠯ ᠵᠦᠢᠯ ᠦ᠋ᠨ ᠰᠢᠯᠲᠠᠭᠠᠨ ᠠ᠋ᠴᠠ ᠪᠣᠯᠵᠤ᠂ ᠴᠢᠳᠬᠥᠷ ᠰᠢᠮᠨᠤᠰ ᠲᠡᠳᠡᠨ ᠲᠡᠢ ᠢᠷᠡᠵᠦ ᠬᠡᠯᠡᠯᠴᠡᠳᠡᠭ᠃ ᠲᠡᠷᠡ ᠨᠤᠲᠤᠭ ᠲᠤ᠌ ᠡᠢᠮᠦᠷᠬᠦᠦ ᠳᠡᠮᠡᠢ ᠪᠠᠯᠠᠢ ᠦᠭᠡ ᠶᠠᠷᠢᠶ᠎ᠠ ᠵᠥᠩᠳᠡᠭᠡᠨ ᠪᠠᠢᠳᠠᠭ(ᠣᠯᠠᠨ ᠤ᠋ ᠮᠡᠳᠡᠭᠡᠵᠢ ᠪᠡᠷ᠂ ᠴᠢᠳᠬᠥᠷ ᠰᠢᠮᠨᠤᠰ ᠲᠡᠳᠡᠨ ᠲᠡᠢ ᠦᠷᠭᠦᠯᠵᠢ ᠬᠡᠯᠡᠯᠴᠡᠵᠦ ᠪᠠᠢᠳᠠᠭ) ᠪᠥᠭᠡᠳ ᠲᠣᠭᠠᠯᠠᠭᠠᠳ ᠪᠠᠷᠠᠬᠤ ᠦᠭᠡᠢ ᠪᠥᠬᠡ ᠨᠠᠷ ᠪᠠᠢᠳᠠᠭ ᠶᠤᠮ᠃ ᠲᠡᠭᠦᠨ ᠦ᠌ ᠳᠣᠲᠣᠷ᠎ᠠ ᠬᠠᠮᠤᠭ ᠤ᠋ᠨ ᠠᠯᠤᠰ ᠬᠣᠯᠠ ᠬᠢᠵᠠᠭᠠᠷ ᠭᠠᠵᠠᠷ ᠲᠤ᠌ ᠰᠠᠭᠤᠳᠠᠭ ᠬᠥᠮᠦᠰ ᠲᠡᠢ ᠵᠠᠬ᠎ᠠ ᠬᠢᠯᠢ ᠵᠠᠯᠭᠠᠭᠰᠠᠨ ᠭᠠᠵᠠᠷ ᠢ᠋ ᠪᠠᠭᠲᠠᠭᠠᠨ᠎ᠠ᠃ ᠲᠡᠷᠡ ᠭᠠᠵᠠᠷ ᠢ᠋ ᠪᠠᠷᠭᠤ ᠪᠤᠶᠤ ᠪᠠᠷᠭᠤᠵᠢᠨ ᠳᠥᠭᠥᠮ ᠭᠡᠨ᠎ᠡ᠃ ᠲᠡᠨᠳᠡ ᠪᠥᠬᠡ ᠨᠠᠷ ᠮᠠᠰᠢ ᠣᠯᠠᠨ (ᠷᠠᠰᠢᠳ᠋ - ᠠᠳ᠋ - ᠳ᠋ᠢᠨ ᠦ᠌ ᠄ ᠲᠡᠦᠬᠡ ᠶ᠋ᠢᠨ ᠴᠢᠭᠤᠯᠭᠠᠨ᠂ ᠢᠦᠢ ᠳᠡ ᠵᠢᠶᠦ᠋ᠨ ᠨᠠᠷ ᠤ᠋ᠨ ᠬᠢᠲᠠᠳᠴᠢᠯᠠᠭ᠎ᠠ᠂ ᠨᠢᠭᠡᠳᠦᠭᠡᠷ ᠪᠣᠳᠢ᠂ ᠨᠢᠭᠡᠳᠦᠭᠡᠷ ᠬᠤᠪᠢᠶᠠᠷᠢ ᠳᠡᠪᠲᠡᠷ᠂ ᠱᠠᠩ ᠡᠦ ᠬᠡᠪᠯᠡᠯ ᠦ᠋ᠨ ᠬᠣᠷᠢᠶ᠎ᠠ᠂ 255 ᠠ᠋ᠴᠠ 256 ᠳ᠋ᠤᠭᠠᠷ ᠬᠠᠭᠤᠳᠠᠰᠤ) ᠭᠡᠵᠡᠢ᠃ ᠲᠣᠳᠣᠷᠬᠠᠢᠯᠠᠭᠤᠰᠢᠲᠠᠢ ᠨᠢ᠂ ᠡᠨᠳᠡ ᠬᠡᠯᠡᠵᠦ ᠪᠠᠢᠭ᠎ᠠ ᠴᠢᠳᠬᠥᠷ ᠰᠢᠮᠨᠤᠰ ᠭᠡᠭᠴᠢ ᠨᠢ ᠮᠦᠰᠯᠢᠮᠴᠤᠳ ᠤ᠋ᠨ ᠦᠭᠡ᠂ ᠮᠣᠩᠭᠣᠯᠴᠤᠳ ᠤ᠋ᠨ ᠪᠥᠬᠡ ᠤᠤᠯ ᠤ᠋ᠨ ᠲᠡᠭᠷᠢ ᠰᠠᠬᠢᠭᠤᠯᠰᠤᠨ ᠢ᠋ ᠵᠢᠭᠠᠵᠠᠢ᠃ ᠪᠠᠰᠠ᠂ ᠡᠨᠳᠡ ᠭᠠᠷᠤᠭᠰᠠᠨ ᠪᠠᠷᠭᠤᠵᠢᠨ ᠳᠥᠭᠥᠮ ᠦ᠋ᠨ ᠤᠷᠢᠶᠠᠩᠬᠠᠭᠴᠤᠳ ᠭᠡᠰᠡᠨ ᠨᠢ ᠴᠦ᠍ ᠪᠤᠷᠤᠭᠤ ᠬᠡᠯᠡᠯᠭᠡ᠂ ᠤᠷᠢᠶᠠᠩᠬᠠᠭᠴᠤᠳ ᠪᠤᠷᠬᠠᠨ ᠬᠠᠯᠳᠤᠨ ᠳ᠋ᠤ᠌ ᠪᠠᠢᠭᠰᠠᠨ ᠠ᠋ᠴᠠ ᠪᠢᠰᠢ ᠪᠠᠷᠭᠤᠵᠢᠨ ᠳᠥᠭᠥᠮ ᠳ᠋ᠦ᠍ ᠪᠠᠢᠭᠰᠠᠨ ᠦᠭᠡᠢ(ᠵᠢᠭᠠᠴᠢᠲᠠᠢ ᠪᠤᠶᠠᠨᠳᠠᠯᠭᠡᠷ ᠄ ᠤᠷᠢᠶᠠᠩᠬᠠᠨ ᠤ᠋ ᠲᠤᠬᠠᠢ᠂ ᠪᠣᠷᠵᠢᠭᠢᠳᠠᠢ ᠣᠶᠣᠨᠪᠢᠯᠢᠭ᠌᠂ ᠯ ᠨᠠᠷᠠᠩᠭᠤᠸ᠎ᠠ ᠨᠠᠢᠷᠠᠭᠤᠯᠤᠭᠰᠠᠨ ᠄ ᠡᠯᠪᠡᠭ ᠪᠦᠲᠦᠭᠡᠯ ᠫᠷᠣᠹᠧᠰᠰᠣᠷ ᠳ᠋ᠣᠺᠲ᠋ᠣᠷ ᠵᠠᠭᠴᠢᠳ ᠰᠡᠴᠡᠨ ᠦ᠌ ᠨᠠᠶᠠᠨ ᠨᠠᠰᠤᠨ ᠤ᠋ ᠣᠢ ᠳ᠋ᠤ᠌᠂ ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶ᠎ᠠ᠂ 1996 ᠣᠨ᠂ ᠠᠳᠠ ᠯᠠᠪᠯᠠᠭᠠᠷᠠᠢ) ᠲᠡᠢᠨ ᠬᠦ᠌᠂ ᠪᠥᠬᠡ ᠦᠯᠡᠨ ᠭᠡᠰᠡᠨ ᠭᠠᠵᠠᠷ ᠨᠢ ᠮᠥᠨ ᠪᠤᠷᠬᠠᠨ ᠬᠠᠯᠳᠤᠨ ᠤ᠋ ᠣᠷᠢᠶᠠᠩᠬᠠᠨ ᠤ᠋ ᠭᠠᠵᠠᠷ ᠢ᠋ ᠬᠡᠯᠡᠭᠰᠡᠨ ᠨᠢ ᠶᠠᠷᠢᠶᠠᠨ ᠦᠭᠡᠢ᠃
ᠡᠨᠡᠬᠦ ᠲᠡᠮᠳᠡᠭᠯᠡᠯ ᠡᠴᠡ ᠦᠵᠡᠪᠡᠯ᠂ ᠲᠡᠭᠷᠢ ᠶ᠋ᠢ ᠬᠠᠷᠢᠶᠠᠵᠤ ᠵᠢᠮᠡᠯᠡᠳᠡᠭ ᠣᠨᠴᠠ ᠡᠷᠬᠡ ᠪᠦᠬᠦᠢ ᠪᠥᠬᠡ ᠨᠠᠷ ᠤᠤᠯ ᠨᠢ ᠤᠷᠢᠶᠠᠩᠬᠠᠨ ᠨᠠᠷ ᠤ᠋ᠨ ᠪᠥᠬᠡ ᠪᠠᠢᠭᠰᠠᠨ ᠶᠤᠮ ᠪᠠᠢᠨ᠎ᠠ᠃ ᠲᠡᠷᠡ ᠨᠢ ᠤᠷᠢᠶᠠᠩᠬᠠᠨ ᠨᠠᠷ ᠤ᠋ᠨ ᠪᠤᠰᠤᠳ ᠮᠣᠩᠭᠣᠯᠴᠤᠳ ᠠ᠋ᠴᠠ ᠢᠯᠭᠠᠭᠳᠠᠬᠤ ᠣᠨᠴᠠᠭᠠᠢ ᠵᠠᠩᠰᠢᠯ ᠪᠠᠢᠭᠰᠠᠨ ᠶᠤᠮ᠃ ᠲᠡᠭᠷᠢ ᠶ᠋ᠢ ᠳᠣᠩᠭᠣᠳᠴᠤ ᠬᠠᠷᠢᠶᠠᠬᠤ ᠡᠷᠬᠡ ᠪᠦᠬᠦᠢ ᠡᠳᠡᠭᠡᠷ ᠪᠥᠬᠡ ᠶ᠋ᠢ ᠤᠷᠢᠶᠠᠩᠬᠠᠭᠴᠤᠳ ᠤᠤᠯ ᠠ᠋ᠴᠠ ᠪᠠᠨ ᠳᠠᠭᠤᠳᠠᠭᠠᠴᠢᠨ ᠭᠡᠳᠡᠭ ᠪᠠᠢᠭᠰᠠᠨ ᠪᠣᠯᠤᠯᠲᠠᠢ᠃ ᠡᠮᠦᠨ᠎ᠡ ᠥᠭᠦᠯᠡᠭᠰᠡᠨ ᠵᠠᠷᠤᠳ ᠬᠤᠰᠢᠭᠤᠨ ᠤ᠋ ᠤᠯᠠᠭᠠᠨᠬᠠᠳᠠ ᠰᠤᠮᠤᠨ ᠤ᠋ ᠤᠳᠤᠮ ᠤ᠋ᠨ ᠪᠥᠬᠡ ᠳᠠᠭᠤᠳᠠᠭᠠᠴᠢᠨ ᠨᠢ ᠤᠷᠢᠶᠠᠩᠬᠠᠨ ᠣᠪᠣᠭᠲᠠᠢ᠂ ᠲᠡᠭᠡᠬᠦᠯᠡᠷ ᠤᠷᠢᠶᠠᠩᠬᠠᠨ ᠢᠵᠠᠭᠤᠷᠲᠠᠢ ᠨᠢ ᠶᠠᠮᠠᠷ ᠴᠤ᠌ ᠮᠠᠳᠠᠭ ᠦᠭᠡᠢ᠃ ᠳᠠᠭᠠᠤ ᠳ᠋ᠤ᠌ ᠨᠢ ᠥᠭᠦᠯᠡᠬᠦ ᠳ᠋ᠦ᠍᠂ ᠪᠠᠭᠠᠷᠢᠨ᠂ ᠣᠷᠳᠣᠰ ᠪᠠ ᠬᠣᠷᠴᠢᠨ ᠳ᠋ᠤ᠌ ᠴᠤ᠌ ᠳᠠᠭᠤᠳᠠᠭᠠᠴᠢᠨ ᠪᠠᠢᠭᠰᠠᠨ ᠨᠢ ᠮᠥᠨ ᠯᠡ ᠣᠷᠢᠶᠠᠩᠬᠠᠨ ᠲᠦᠮᠡᠨ ᠲᠡᠢ ᠬᠠᠮᠢᠶᠠᠲᠠᠢ᠃ ᠣᠷᠢᠶᠠᠩᠬᠠᠨ ᠲᠦᠮᠡᠨ ᠠᠷᠪᠠᠨ ᠵᠢᠷᠭᠤᠳᠤᠭᠠᠷ ᠵᠠᠭᠤᠨ ᠳ᠋ᠤ᠌ ᠪᠤᠰᠤᠳ ᠲᠠᠪᠤᠨ ᠲᠦᠮᠡᠨ ᠳ᠋ᠦ᠍ ᠲᠠᠯᠬᠠᠭᠳᠠᠭᠰᠠᠨ ᠲᠡᠦᠬᠡ ᠶ᠋ᠢ ᠠᠩᠬᠠᠷᠬᠤ ᠬᠡᠷᠡᠭᠲᠡᠢ᠂ ᠡᠭᠦᠨ ᠦ᠌ ᠲᠤᠬᠠᠢ ᠳᠠᠷᠠᠭ᠎ᠠ ᠪᠠᠷ ᠪᠠᠰᠠ ᠥᠭᠦᠯᠡᠨ᠎ᠡ᠃ ᠠᠷᠪᠠᠨ ᠵᠢᠷᠭᠤᠳᠤᠭᠠᠷ ᠵᠠᠭᠤᠨ ᠳ᠋ᠤ᠌᠂ ᠵᠠᠷᠤᠳ ᠪᠠᠭᠠᠷᠢᠨ ᠬᠣᠶᠠᠷ ᠪᠦᠷ ᠶᠡᠬᠡ ᠬᠠᠯᠬ᠎ᠠ ᠲᠦᠮᠡᠨ ᠳ᠋ᠦ᠍ ᠪᠠᠭᠲᠠᠵᠤ ᠪᠠᠢᠭᠰᠠᠨ᠂ ᠬᠠᠯᠬ᠎ᠠ ᠲᠦᠮᠡᠨ ᠪᠣᠯ ᠤᠷᠢᠶᠠᠩᠬᠠᠨ ᠲᠦᠮᠡᠨ ᠢ᠋ ᠤᠰᠠᠳᠬᠠᠬᠤ ᠳ᠋ᠤ᠌ ᠬᠣᠰᠢᠭᠤᠴᠢᠯᠠᠵᠤ ᠪᠠᠢᠭᠰᠠᠨ ᠲᠦᠮᠡᠨ᠃ ᠣᠷᠳᠣᠰ ᠲᠦᠮᠡᠨ ᠨᠢ ᠴᠦ᠍ ᠣᠷᠢᠶᠠᠩᠬᠠᠨ ᠢ᠋ ᠰᠥᠨᠥᠭᠡᠬᠦ ᠠᠶᠠᠨ ᠲᠡᠢᠨ ᠳ᠋ᠦ᠍ ᠢᠳᠡᠪᠬᠢᠲᠡᠢ ᠣᠷᠣᠯᠴᠠᠵᠤ ᠪᠠᠢᠭᠰᠠᠨ᠃ ᠲᠡᠳᠡ ᠨᠠᠷ ᠤᠷᠢᠶᠠᠩᠬᠠᠨ ᠢ᠋ ᠰᠥᠨᠥᠭᠡᠭᠰᠡᠨ ᠦ᠌ ᠳᠠᠷᠠᠭ᠎ᠠ ᠣᠷᠢᠶᠠᠩᠬᠠᠨ ᠠ᠋ᠴᠠ ᠣᠯᠠᠨ ᠬᠥᠮᠦᠨ ᠢᠷᠭᠡᠳ ᠬᠤᠪᠢᠶᠠᠨ ᠠᠪᠴᠠᠢ᠃
ᠬᠣᠷᠴᠢᠨ ᠲᠦᠮᠡᠨ ᠨᠢ ᠤᠷᠢᠶᠠᠩᠬᠠᠨ ᠢ᠋ ᠰᠥᠨᠥᠭᠡᠬᠦ ᠠᠶᠠᠨ ᠲᠡᠢᠨ ᠳ᠋ᠦ᠍ ᠣᠷᠣᠯᠴᠠᠭᠰᠠᠨ ᠦᠭᠡᠢ ᠪᠣᠯᠪᠠᠴᠤ ᠠᠷᠪᠠᠨ ᠳᠣᠯᠣᠳᠤᠭᠠᠷ ᠵᠠᠭᠤᠨ ᠤ᠋ ᠬᠣᠷᠢᠭᠠᠳ ᠣᠨ ᠳ᠋ᠤ᠌ ᠥᠪᠥᠷ ᠲᠠᠪᠤᠨ ᠬᠠᠯᠬ᠎ᠠ ᠮᠠᠨᠵᠤ ᠨᠠᠷ ᠲᠤ᠌ ᠡᠪᠳᠡᠭᠳᠡᠬᠦ ᠦᠶ᠎ᠡ ᠳ᠋ᠦ᠍ ᠵᠠᠷᠤᠳ᠂ ᠪᠠᠭᠠᠷᠢᠨ ᠵᠠᠷᠤᠳ ᠵᠠᠰᠠᠭ ᠬᠣᠶᠠᠷ ᠣᠲᠣᠭ 1628 ᠣᠨ ᠨᠤᠭᠤᠳ ᠲᠤ᠌ ᠨᠢᠭᠡ ᠦᠶ᠎ᠡ ᠬᠣᠷᠴᠢᠨ ᠳ᠋ᠤ᠌ ᠣᠷᠣᠵᠤ ᠲᠦᠰᠢᠭᠰᠡᠨ ᠪᠥᠭᠡᠳ ᠬᠣᠵᠢᠮ ᠨᠢ ᠬᠣᠷᠴᠢᠨ ᠲᠠᠢ ᠡᠪᠳᠡᠷᠠᠯᠴᠡᠭᠡᠨ ᠪᠣᠯᠤᠭᠠᠳ ᠰᠠᠶᠢ ᠮᠠᠨᠵᠤ ᠳ᠋ᠤ᠌ ᠳᠠᠭᠠᠷ᠎ᠠ ᠣᠷᠣᠵᠤ᠂ ᠪᠠᠭᠠᠷᠢᠨ ᠵᠠᠷᠤᠳ ᠵᠠᠰᠠᠭ ᠬᠣᠰᠢᠭᠤ ᠪᠣᠯᠪᠠ᠃ ᠡᠨᠡᠬᠦ ᠶᠠᠪᠤᠴᠠ ᠳ᠋ᠤ᠌ ᠬᠣᠷᠴᠢᠨ ᠳ᠋ᠤ᠌ ᠨᠡᠯᠢᠶᠡᠳ ᠣᠯᠠᠨ ᠵᠠᠷᠤᠳ ᠪᠠᠭᠠᠷᠢᠨ ᠣᠲᠣᠭ ᠤ᠋ᠨ ᠠᠷᠠᠳ ᠢᠷᠭᠡᠨ ᠬᠣᠴᠣᠷᠤᠨ ᠦᠯᠡᠳᠡᠵᠡᠢ᠂ ᠲᠡᠳᠡᠨ ᠦ᠌ ᠳᠣᠲᠣᠷ᠎ᠠ ᠳᠠᠭᠤᠳᠠᠭᠠᠴᠢᠨ ᠪᠥᠬᠡ ᠨᠢ ᠪᠠᠢᠯᠴᠠᠭᠰᠠᠨ ᠯᠠ ᠪᠠᠢᠯᠭᠦᠢ᠃ ᠲᠡᠢᠨ ᠬᠦ᠌᠂ ᠬᠣᠷᠴᠢᠨ ᠳ᠋ᠤ᠌ ᠣᠷᠢᠶᠠᠩᠬᠠᠨ ᠣᠪᠣᠭᠲᠤ ᠳᠠᠭᠤᠳᠠᠭᠠᠴᠢᠳ ᠪᠠᠢᠭᠰᠠᠨ ᠨᠢ ᠶᠠᠭ ᠡᠨᠡ ᠦᠶ᠎ᠡ ᠶ᠋ᠢᠨ ᠲᠡᠦᠬᠡᠨ ᠡᠴᠡ ᠤᠯᠪᠠᠭ᠎ᠠ ᠲᠠᠢ᠃ ᠡᠢᠮᠦ ᠤᠴᠢᠷ ᠠ᠋ᠴᠠ᠂ ᠪᠠᠭᠠᠷᠢᠨ᠂ ᠣᠷᠳᠣᠰ ᠪᠠ ᠬᠣᠷᠴᠢᠨ ᠳ᠋ᠤ᠌ ᠪᠠᠰᠠ ᠳᠠᠭᠤᠳᠠᠭᠠᠴᠢᠳ ᠪᠠᠢᠭᠰᠠᠨ ᠨᠢ ᠪᠦᠷ ᠣᠷᠢᠶᠠᠩᠬᠠᠨ ᠠ᠋ᠴᠠ ᠤᠯᠠᠮᠵᠢᠯᠠᠵᠤ ᠣᠴᠢᠭᠰᠠᠨ ᠬᠡᠷᠡᠭ ᠮᠥᠨ᠃ ᠬᠣᠷᠴᠢᠨ ᠭᠡᠵᠦ ᠳᠠᠭᠤᠳᠠᠭᠠᠴᠢᠨ ᠪᠥᠬᠡ ᠶ᠋ᠢ ᠬᠤᠸᠠᠩᠳᠠᠨ ᠭᠡᠵᠦ ᠬᠡᠯᠡᠳᠡᠭ ᠨᠢ ᠳᠠᠭᠤᠳᠠᠭᠠᠴᠢᠨ ᠢ᠋ ᠬᠢᠲᠠᠳ ᠬᠡᠯᠡᠨ ᠳ᠋ᠦ᠍ ᠣᠷᠴᠢᠭᠤᠯᠵᠤ ᠳᠠᠭᠤᠳᠠᠭᠰᠠᠨ ᠲᠡᠳᠦᠢ᠂ ᠤᠤᠯ ᠬᠢᠲᠠᠳ ᠦᠭᠡ ᠬᠤᠸᠠᠨ ᠲᠢᠶᠠᠨ ᠪᠠᠢᠭᠰᠠᠨ ᠪᠠᠢᠭ᠎ᠠ᠃ ᠲᠡᠷᠡ ᠨᠢ ᠶᠠᠭ ᠲᠡᠭᠷᠢ ᠳᠠᠭᠤᠳᠠᠨ᠎ᠠ ᠭᠡᠰᠡᠨ ᠦᠭᠡ ᠪᠠᠢᠨ᠎ᠠ᠃
ᠡᠭᠦᠨ ᠡᠴᠡ ᠭᠠᠳᠠᠨ᠎ᠠ᠂ ᠮᠥᠨ ᠵᠠᠷᠤᠳ ᠬᠤᠰᠢᠭᠤᠨ ᠤ᠋ ᠪᠠᠶᠠᠷᠳᠤᠬᠣᠰᠢᠭᠤ ᠰᠤᠮᠤᠨ ᠤ᠋ ᠪᠠᠷᠢᠮᠲᠠ ᠠᠢᠯ ᠳ᠋ᠤ᠌ ᠪᠠᠰᠠ ᠦ ᠣᠪᠣᠭ ᠲᠠᠢ ᠬᠥᠮᠦᠰ ᠪᠣᠢ᠃ ᠲᠡᠳᠡ ᠥᠪᠡᠷ ᠢ᠋ ᠪᠡᠨ ᠣᠷᠢᠶᠠᠬᠤᠨ ᠭᠡᠳᠡᠭ ᠦ ᠣᠪᠣᠭ ᠢ᠋ᠶ᠋ᠠᠨ ᠤᠷᠢᠶᠠᠬᠤᠨ ᠤ᠋ ᠬᠢᠲᠠᠳ ᠠᠪᠢᠶᠠᠨ ᠤ᠋ ᠨᠢᠭᠡᠳᠦᠭᠡᠷ ᠦᠰᠦᠭ ᠭᠡᠵᠦ ᠦᠵᠡᠵᠦ ᠪᠣᠢ᠃ ᠪᠠᠰᠠ ᠬᠡᠷᠴᠢᠯᠠᠭᠤ ᠰᠤᠮᠤᠨ ᠤ᠋ ᠬᠠᠳᠠᠨ ᠠᠢᠯ ᠭᠠᠴᠠᠭᠠᠨ ᠳ᠋ᠤ᠌ ᠦ ᠣᠪᠣᠭᠲᠠᠢ ᠤᠯᠤᠰ ᠪᠣᠢ᠃ ᠲᠡᠳᠡ ᠨᠠᠷ ᠥᠪᠡᠷ ᠦ᠋ᠨ ᠢ᠋ᠶ᠋ᠡᠨ ᠮᠣᠩᠭᠣᠯ ᠣᠪᠣᠭ ᠢ᠋ ᠲᠠᠪᠤᠯᠠᠬᠤ ᠭᠡᠵᠦ ᠬᠡᠯᠡᠳᠡᠭ ᠪᠥᠭᠡᠳ ᠣᠪᠣᠭ ᠨᠢ ᠲᠠᠪᠤ ᠭᠡᠰᠡᠨ ᠲᠣᠭ᠎ᠠ ᠶ᠋ᠢ ᠣᠷᠴᠢᠭᠤᠯᠤᠭᠰᠠᠨ ᠬᠢᠲᠠᠳ ᠦᠭᠡ᠂ ᠲᠡᠭᠦᠨ ᠡᠴᠡ ᠬᠢᠲᠠᠳ ᠣᠪᠣᠭ ᠤ᠋ᠨ ᠦ ᠪᠣᠯᠤᠭᠰᠠᠨ ᠭᠡᠵᠦ ᠦᠵᠡᠵᠦ ᠪᠠᠢᠨ᠎ᠠ᠃ ᠣᠯᠳᠣᠢ ᠮᠢᠨᠦ ᠦᠵᠡᠬᠦ ᠪᠡᠷ᠂ ᠨᠢᠭᠡᠳᠡᠬᠢ ᠦ ᠣᠪᠣᠭ ᠨᠢ ᠣᠷᠢᠶᠠᠬᠠᠳ ᠭᠡᠳᠡᠭ ᠨᠢ ᠣᠷᠢᠶᠠᠩᠬᠠᠨ ᠤ᠋ ᠭᠠᠵᠢᠭᠰᠠᠨ ᠳᠠᠭᠤᠳᠠᠯᠭ᠎ᠠ ᠪᠣᠯᠬᠤ ᠨᠢ ᠮᠠᠭᠠᠳ᠂ ᠬᠠᠷᠢᠨ ᠬᠣᠶᠠᠳᠤᠭᠠᠷ ᠦ ᠣᠪᠣᠭ ᠲᠠᠪᠤᠯᠠᠬᠤ ᠭᠡᠰᠡᠨ ᠮᠣᠩᠭᠣᠯ ᠣᠪᠣᠭ ᠤ᠋ᠨ ᠬᠢᠲᠠᠳᠴᠢᠯᠠᠭ᠎ᠠ ᠲᠠᠢ ᠬᠠᠮᠢᠶᠠᠲᠠᠢ ᠭᠡᠰᠡᠨ ᠨᠢ ᠰᠢᠨᠡᠬᠡᠨ ᠲᠠᠢᠯᠪᠤᠷᠢ ᠠᠵᠢ᠃ ᠡᠭᠦᠨ ᠢ᠋ ᠬᠠᠷᠠᠭᠠᠳ ᠪᠢᠳᠡ ᠮᠣᠩᠭᠣᠯᠴᠤᠳ ᠲᠠᠪᠤᠨᠠᠩ ᠭᠡᠰᠡᠨ ᠦᠭᠡᠨ ᠳ᠋ᠦ᠍ ᠬᠢᠭᠰᠡᠨ ᠬᠦᠴᠢᠷ ᠲᠠᠢᠯᠪᠤᠷᠢ ᠶ᠋ᠢ ᠰᠠᠨᠠᠭᠠᠨ ᠳ᠋ᠤ᠌ ᠣᠷᠣᠨ᠎ᠠ᠃ ᠠᠷᠤ ᠬᠠᠯᠬ᠎ᠠ ᠶ᠋ᠢᠨ ᠲᠡᠦᠬᠡᠴᠢᠨ ᠭᠠᠯᠳᠠᠨ ᠲᠤᠰᠠᠯᠠᠭᠴᠢ ᠶ᠋ᠢᠨ 1841 ᠣᠨ ᠳ᠋ᠤ᠌ ᠪᠢᠴᠢᠭᠰᠡᠨ ᠡᠷᠳᠡᠨᠢ ᠶ᠋ᠢᠨ ᠡᠷᠢᠭᠡ ᠭᠡᠳᠡᠭ ᠦ᠋ᠨ ᠳᠠᠷᠠᠭᠠᠯᠠᠭᠰᠠᠨ ᠪᠢᠴᠢᠭ ᠲᠦ᠍᠂ ᠤᠷᠢᠳᠠ ᠪᠥᠷᠲᠡ ᠦᠵᠢᠨ ᠢ᠋ ᠮᠣᠳᠣᠨ ᠬᠣᠲᠠ ᠶ᠋ᠢ ᠡᠵᠡᠯᠡᠭᠴᠢ ᠮᠤᠬᠤᠷ ᠪᠣᠷᠣ ᠬᠡᠮᠡᠭᠴᠢ ᠪᠤᠯᠢᠶᠠᠨ ᠠᠪᠠᠴᠢᠭᠰᠠᠨ ᠳ᠋ᠤ᠌᠂ ᠣᠷᠢᠶᠠᠩᠬᠠᠨ ᠤ᠋ ᠵᠡᠯᠮ᠎ᠡ ᠠᠷᠭ᠎ᠠ ᠪᠠᠷ ᠪᠤᠯᠢᠶᠠᠨ ᠠᠪᠴᠤ᠂ ᠪᠤᠴᠠᠵᠤ ᠢᠷᠡᠬᠦ ᠵᠠᠮ ᠳ᠋ᠤ᠌ ᠪᠠᠨ ᠦᠵᠢᠨ ᠲᠡᠢ ᠠᠮᠤᠭᠤᠯᠠᠩ ᠢ᠋ ᠡᠭᠦᠰᠬᠡᠵᠦ ᠳᠠᠪᠬᠤᠷ ᠪᠣᠯᠭᠠᠭᠰᠠᠨ ᠳ᠋ᠤ᠌᠂ ᠴᠢᠩᠭᠢᠰ ᠬᠠᠭᠠᠨ ᠥᠷᠥᠰᠢᠶᠡᠵᠦ᠂ ᠲᠡᠷᠡ ᠬᠥᠪᠡᠭᠦᠨ ᠮᠢᠨᠦ ᠪᠤᠰᠤ ᠪᠣᠯᠪᠠᠴᠤ ᠮᠥᠨ ᠮᠢᠨᠦ ᠶᠡᠬᠡ ᠬᠠᠲᠤᠨ ᠠ᠋ᠴᠠ ᠲᠥᠷᠥᠭᠰᠡᠨ ᠬᠥᠪᠡᠭᠦᠨ ᠲᠤᠯᠠ ᠡᠩ ᠦ᠋ᠨ ᠬᠥᠮᠦᠨ ᠡᠴᠡ ᠥᠭᠡᠷ᠎ᠡ ᠪᠣᠯᠭᠠᠵᠤ ᠣᠨᠴᠠ ᠬᠡᠰᠢᠭ ᠬᠦᠷᠲᠡᠭᠡᠵᠦ ᠮᠥᠨ ᠮᠢᠨᠦ ᠶᠡᠬᠡ ᠬᠠᠲᠤᠨ ᠠ᠋ᠴᠠ ᠲᠥᠷᠥᠭᠰᠡᠨ ᠬᠥᠪᠡᠭᠦᠨ ᠵᠥᠴᠢ᠂ ᠴᠠᠭᠠᠲᠠᠢ᠂ ᠥᠭᠡᠳᠡᠢ᠂ ᠲᠤᠯᠤᠢ ᠳᠥᠷᠪᠡ ᠶ᠋ᠢᠨ ᠳᠠᠷᠠᠭ᠎ᠠ ᠲᠠᠪᠤᠳᠤᠭᠠᠷ ᠨᠣᠶᠠᠨ ᠭᠡᠮᠡᠨ ᠨᠡᠷᠡᠢᠳᠴᠦ ᠶᠠᠪᠤ ᠭᠡᠮᠡᠨ ᠠᠢᠯᠠᠳᠤᠭᠰᠠᠨ ᠠ᠋ᠴᠠ ᠬᠣᠢᠰᠢ ᠲᠡᠭᠦᠨ ᠦ᠌ ᠦᠷ᠎ᠡ ᠶ᠋ᠢ ᠴᠥᠮ ᠲᠠᠪᠤᠳᠤᠭᠠᠷ ᠨᠣᠶᠠᠨ ᠬᠡᠮᠡᠭᠰᠡᠨ ᠢᠨᠤ ᠦᠶ᠎ᠡ ᠰᠤᠩᠬᠣᠢ ᠳ᠋ᠤᠷ ᠲᠠᠪᠤᠨᠠᠩ ᠭᠡᠮᠡᠨ ᠠᠯᠳᠠᠷᠰᠢᠭᠰᠠᠨ ᠲᠡᠷᠡ ᠪᠣᠢ᠎ᠠ (ᠴ ᠂ᠨᠠᠰᠤᠨᠪᠠᠯᠵᠤᠷ ᠬᠠᠷᠭᠤᠭᠤᠯᠵᠤ ᠬᠡᠪᠯᠡᠯ ᠳ᠋ᠦ᠍ ᠪᠡᠯᠡᠳᠬᠡᠭᠰᠡᠨ ᠄ ᠡᠷᠳᠡᠨᠢ ᠶ᠋ᠢᠨ ᠡᠷᠢᠭᠡ ᠤᠯᠠᠭᠠᠨᠪᠠᠭᠠᠲᠤᠷ᠂) ᠡᠨᠡ ᠨᠢ ᠲᠠᠪᠤᠨᠠᠩ ᠢ᠋ ᠪᠤᠷᠤᠭᠤ ᠣᠢᠯᠠᠭᠠᠵᠤ ᠭᠠᠵᠢᠭᠤ ᠲᠠᠢᠯᠪᠤᠷᠢᠯᠠᠭᠰᠠᠨ ᠬᠡᠷᠡᠭ ᠶᠦ᠍ᠮ᠃ ᠲᠡᠦᠬᠡᠨ ᠦᠨᠡᠨ ᠲᠡᠢ ᠶᠠᠮᠠᠷ ᠴᠤ᠌ ᠬᠣᠯᠪᠣᠭ᠎ᠠ ᠦᠭᠡᠢ᠃ ᠲᠠᠪᠤᠯᠠᠬᠤ ᠭᠡᠳᠡᠭ ᠨᠢ ᠡᠭᠦᠨ ᠲᠡᠢ ᠠᠳᠠᠯᠢ ᠪᠠᠷ ᠲᠠᠪᠤᠨᠠᠩ ᠭᠡᠳᠡᠭ ᠦᠭᠡ ᠶ᠋ᠢ ᠠᠪᠢᠶ᠎ᠠ ᠰᠡᠯᠭᠦᠵᠦ ᠲᠠᠪᠤᠯᠠᠬᠤ ᠭᠡᠵᠦ ᠬᠠᠵᠠᠢᠯᠭᠠᠭᠰᠠᠨ ᠠ᠋ᠴᠠ ᠪᠣᠯᠤᠭᠰᠠᠨ ᠪᠢᠵᠡ᠃ ᠦ ᠣᠪᠣᠭ ᠨᠢ ᠲᠠᠪᠤᠯᠠᠬᠤ ᠶ᠋ᠢᠨ ᠲᠠᠪᠤ ᠶ᠋ᠢ ᠣᠷᠴᠢᠭᠤᠯᠤᠭᠰᠠᠨ ᠪᠢᠰᠢ᠂ ᠬᠠᠷᠢᠨ ᠲᠠᠪᠤᠨᠠᠩ (ᠤᠭ ᠤᠳᠬ᠎ᠠ ᠨᠢ ᠲᠠᠪᠤᠨ ᠤᠩ᠂ ᠠᠷᠪᠠᠨ ᠵᠢᠷᠭᠤᠳᠤᠭᠠᠷ ᠵᠠᠭᠤᠨ ᠠ᠋ᠴᠠ ᠬᠣᠢᠰᠢ ᠠᠯᠲᠠᠨ ᠤᠷᠤᠭᠲᠠᠨ ᠢᠵᠠᠭᠤᠷᠲᠠᠳ ᠤ᠋ᠨ ᠬᠦᠷᠭᠡᠳ ᠢ᠋ ᠲᠠᠪᠤᠨ ᠤᠩ ᠭᠡᠳᠡᠭ ᠪᠣᠯᠵᠠᠢ) ᠶ᠋ᠢᠨ ᠲᠠᠪᠤ ᠶ᠋ᠢ ᠣᠷᠴᠢᠭᠤᠯᠤᠭᠰᠠᠨ ᠶᠤᠮ ᠪᠠᠢᠨ᠎ᠠ᠃ ᠣᠷᠢᠶᠠᠩᠬᠠᠨ ᠠᠢᠮᠠᠭ ᠤ᠋ᠨ ᠲᠦᠷᠦᠭᠦᠦ ᠨᠢ ᠠᠳᠠᠭ ᠲᠤ᠌ ᠪᠠᠨ ᠪᠠᠭᠠᠰᠤᠨ ᠲᠠᠪᠤᠨᠠᠩ ᠤ᠋ᠨ ᠦᠶ᠎ᠡ ᠡᠴᠡ ᠬᠠᠭᠠᠳ ᠤ᠋ᠨ ᠬᠦᠷᠭᠡᠳ ᠪᠣᠯᠵᠤ ᠲᠠᠪᠤᠨᠠᠩ ᠭᠡᠭᠳᠡᠬᠦ ᠪᠣᠯᠤᠭᠰᠠᠨ ᠶᠤᠮ᠃ ᠲᠡᠢᠨ ᠬᠦ᠌᠂ ᠡᠨᠡᠬᠦ ᠦ ᠣᠪᠣᠭᠲᠠᠨ ᠨᠢ ᠮᠥᠨ ᠤᠷᠢᠶᠠᠩᠬᠠᠨ ᠤ᠋ ᠨᠣᠶᠠᠳ ᠢᠵᠠᠭᠤᠷᠲᠠᠨ ᠤ᠋ ᠬᠣᠢᠴᠢᠰ ᠪᠣᠯᠵᠤ ᠲᠠᠭᠠᠷᠠᠨ᠎ᠠ᠃
ᠡᠳᠡᠭᠡᠷ ᠢ᠋ ᠬᠠᠮᠤᠷᠤᠨ ᠥᠭᠦᠯᠡᠪᠡᠯ᠂ ᠵᠠᠷᠤᠳ ᠲᠤ᠌ ᠤᠷᠢᠶᠠᠩᠬᠠᠨ ᠠᠢᠮᠠᠭ ᠲᠠᠢ ᠬᠠᠮᠢᠶ᠎ᠠ ᠪᠦᠬᠦᠢ ᠣᠷᠢᠶᠠᠬᠠᠳ ᠂ ᠳᠠᠭᠤᠳᠠᠭᠠᠴᠢᠨ᠂ ᠲᠠᠪᠤᠨᠠᠩ ᠵᠡᠷᠭᠡ ᠣᠪᠣᠭ ᠠᠢᠮᠠᠭ ᠮᠠᠰᠢ ᠣᠯᠠᠨ ᠪᠠᠢᠬᠤ ᠠᠵᠢ᠃ ᠡᠳᠡᠭᠡᠷ ᠨᠢ ᠬᠡᠢᠰᠪᠦᠷᠢ ᠦᠯᠡᠳᠡᠮᠡᠯ ᠰᠤᠷᠪᠤᠯᠵᠢ ᠶ᠋ᠢᠨ ᠬᠤᠪᠢ ᠪᠠᠷ ᠵᠠᠷᠤᠳ ᠪᠣᠯ ᠣᠷᠢᠶᠠᠩᠬᠠᠨ ᠭᠠᠷᠤᠯᠲᠠᠢ ᠭᠡᠳᠡᠭ ᠢ᠋ ᠪᠠᠲᠤᠲᠠᠢ ᠭᠡᠷᠡᠴᠢᠯᠡᠵᠦ ᠪᠠᠢᠨ᠎ᠠ᠃

ᠭᠤᠷᠪᠠ
  ᠵᠠᠷᠤᠳ ᠠᠢᠮᠠᠭ ᠤᠷᠢᠶᠠᠩᠬᠠᠨ ᠠ᠋ᠴᠠ ᠡᠭᠦᠰᠦᠯᠲᠡᠢ᠂ ᠡᠨᠡ ᠨᠢ ᠴᠦ᠍ ᠲᠣᠳᠣᠷᠬᠠᠢ᠃ ᠭᠡᠪᠡᠴᠦ᠂ ᠠᠰᠠᠭᠤᠳᠠᠯ ᠠᠳᠠ ᠬᠦᠷᠦᠭᠡᠳ ᠰᠢᠢᠳᠪᠦᠷᠢᠯᠡᠭᠳᠡᠴᠢᠬᠡᠬᠦ ᠶᠠᠪᠤᠳᠠᠯ ᠪᠢᠰᠢ᠃ ᠮᠡᠳᠡᠭᠡᠵᠢ ᠪᠡᠷ᠂ ᠤᠷᠢᠶᠠᠩᠬᠠᠨ ᠪᠣᠯ ᠮᠣᠩᠭᠣᠯ ᠤ᠋ᠨ ᠶᠡᠬᠡ ᠡᠷᠲᠡᠨ ᠦ᠌ ᠠᠢᠮᠠᠭ᠃ 《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠥᠭᠦᠯᠡᠬᠦ ᠪᠡᠷ ᠣᠷᠢᠶᠠᠩᠬᠠᠨ ᠨᠠᠷ ᠪᠣᠳᠣᠨᠴᠠᠷ ᠤ᠋ᠨ ᠦᠶ᠎ᠡ ᠡᠴᠡ ᠪᠣᠷᠵᠢᠭᠢᠨ ᠤ᠋ ᠡᠵᠡᠮᠰᠢᠯ ᠦ᠋ᠨ ᠢᠷᠭᠡᠨ ᠪᠣᠯᠤᠭᠰᠠᠨ᠂ ᠲᠡᠳᠡᠨ ᠦ᠌ ᠳᠣᠲᠣᠷ᠎ᠠ 《ᠵᠠᠷᠴᠢᠭᠤᠳ ᠠᠲᠠᠩᠬᠠᠨ ᠤᠷᠢᠶᠠᠩᠬᠠᠨ》 ᠭᠡᠵᠦ ᠪᠠᠢᠵᠠᠢ᠃ (38 ᠳ᠋ᠤᠭᠠᠷ ᠪᠠᠳᠠᠭ ᠲᠤ᠌)ᠴᠢᠩᠭᠢᠰ ᠬᠠᠭᠠᠨ ᠤ᠋ ᠦᠶ᠎ᠡ ᠪᠣᠯᠬᠤ ᠳ᠋ᠤ᠌᠂ ᠲᠡᠮᠦᠵᠢᠨ ᠡᠴᠢᠭᠡ ᠡᠴᠡ ᠪᠡᠨ ᠥᠨᠥᠴᠢᠨ ᠬᠣᠴᠣᠷᠤᠭᠠᠳ ᠭᠠᠴᠢᠭᠳᠠᠯᠲᠠᠢ ᠪᠠᠢᠭᠰᠠᠨ ᠦᠶ᠎ᠡ ᠳ᠋ᠦ᠍᠂ 《ᠪᠤᠷᠬᠠᠨ ᠬᠠᠯᠳᠤᠨ ᠠ᠋ᠴᠠ ᠣᠷᠢᠶᠠᠩᠬᠠᠭᠲᠠᠢ ᠬᠥᠮᠦᠨ ᠵᠠᠷᠴᠢᠭᠤᠲᠠᠢ ᠡᠪᠦᠭᠡᠨ ᠬᠥᠭᠡᠷᠭᠡ ᠪᠡᠨ ᠡᠭᠦᠷᠴᠦ ᠵᠠᠯᠮ᠎ᠠ ᠨᠡᠷᠡᠲᠦ ᠬᠥᠪᠡᠭᠦᠨ ᠢ᠋ᠶ᠋ᠡᠨ ᠤᠳᠤᠷᠢᠳᠴᠤ ᠢᠷᠡᠵᠦ ᠥᠭᠦᠯᠡᠷᠦᠨ ᠄ ᠤᠨᠤᠨ ᠤ᠋ ᠳᠡᠯᠢᠭᠦᠨ ᠪᠣᠯᠳᠤᠬ᠎ᠠ ᠪᠦᠬᠦᠢ ᠳ᠋ᠦ᠍ᠷ᠂ ᠲᠡᠮᠦᠵᠢᠨ ᠢ᠋ ᠲᠥᠷᠥᠬᠦᠢ ᠳ᠋ᠦ᠍ᠷ ᠪᠤᠯᠠᠭᠠᠨ ᠨᠡᠬᠡᠢ ᠥᠭᠭᠦᠯ᠎ᠡ ᠪᠢ᠃ ᠡᠨᠡ ᠬᠥᠪᠡᠭᠦᠨ ᠢ᠋ᠶ᠋ᠡᠨ ᠵᠡᠯᠮ᠎ᠡ ᠶ᠋ᠢ ᠥᠭᠭᠦᠯ᠎ᠡ ᠪᠢ᠃ ᠥᠴᠦᠬᠡᠨ ᠭᠡᠮᠡᠨ ᠠᠪᠴᠤ ᠣᠳᠤᠯ᠎ᠠ᠃ ᠡᠳᠦᠭᠡ ᠵᠡᠯᠮ᠎ᠡ ᠶ᠋ᠢ ᠡᠮᠡᠭᠡᠯ ᠢ᠋ᠶ᠋ᠡᠨ ᠲᠣᠬᠣᠭᠤᠯ᠂ ᠡᠭᠦᠳᠡ ᠪᠡᠨ ᠨᠡᠭᠡᠭᠡᠭᠦᠯ ᠬᠡᠮᠡᠵᠦ ᠥᠭᠪᠡ 》(97 ᠳ᠋ᠤᠭᠠᠷ ᠪᠠᠳᠠᠭ ᠲᠤ᠌)᠃ ᠡᠨᠡᠬᠦ ᠵᠠᠷᠴᠢᠭᠤᠲᠠᠢ ᠡᠪᠦᠭᠡᠨ ᠪᠣᠯ ᠵᠡᠯᠮ᠎ᠡ᠂ ᠰᠦᠪᠡᠭᠡᠲᠡᠢ ᠴᠠᠭᠤᠷᠬᠠᠨ ᠨᠠᠷ ᠤ᠋ᠨ ᠡᠴᠢᠭᠡ᠃ ᠲᠡᠭᠦᠨ ᠦ᠌ ᠬᠥᠪᠡᠭᠦᠳ ᠲᠡᠮᠦᠵᠢᠨ ᠢ᠋ ᠬᠠᠮᠵᠢᠨ ᠤᠯᠤᠰ ᠪᠠᠢᠭᠤᠯᠵᠤ᠂ ᠳᠡᠯᠡᠬᠡᠢ ᠳᠠᠬᠢᠨ ᠢ᠋ ᠪᠠᠢᠯᠳᠤᠨ ᠳᠠᠭᠠᠭᠤᠯᠵᠤ ᠶᠡᠬᠡ ᠭᠠᠪᠢᠶ᠎ᠠ ᠪᠠᠢᠭᠤᠯᠤᠭᠠᠳ ᠬᠣᠵᠢᠮ ᠨᠢ ᠤᠷᠢᠶᠠᠩᠬᠠᠨ ᠤ᠋ ᠨᠣᠶᠠᠳ ᠡᠳᠡ ᠨᠠᠷ ᠪᠣᠯᠵᠠᠢ᠃ ᠶᠡᠬᠡ ᠮᠣᠩᠭᠣᠯ ᠤᠯᠤᠰ ᠪᠠ ᠶᠤᠸᠠᠨ ᠤᠯᠤᠰ ᠢ᠋ ᠥᠩᠭᠡᠷᠡᠭᠡᠵᠦ ᠳᠠᠶᠠᠨ ᠬᠠᠭᠠᠨ ᠤ᠋ ᠦᠶ᠎ᠡ ᠪᠣᠯᠵᠤ ᠢᠷᠡᠬᠦ ᠳ᠋ᠦ᠍ ᠤᠷᠢᠶᠠᠩᠬᠠᠨ ᠨᠢ ᠬᠣᠶᠠᠷ ᠬᠤᠪᠢᠶᠠᠭᠳᠠᠭᠠᠳ᠂ ᠨᠢᠭᠡ ᠪᠦᠯᠦᠭ ᠨᠢ ᠲᠡᠷᠡ ᠴᠠᠭ ᠲᠤ᠌ ᠶᠡᠬᠡᠳᠡ ᠠᠯᠳᠠᠷᠰᠢᠭᠰᠠᠨ ᠵᠢᠷᠭᠤᠭᠠᠨ ᠲᠦᠮᠡᠨ ᠦ᠌ ᠨᠢᠭᠡ ᠨᠢ ᠪᠣᠯᠵᠤ᠂ ᠤᠷᠢᠶᠠᠩᠬᠠᠨ ᠲᠦᠮᠡᠨ ᠭᠡᠵᠦ ᠨᠠᠷᠠᠰᠢᠨ᠂ ᠨᠥᠭᠦᠭᠡ ᠨᠢ ᠵᠢᠷᠭᠤᠭᠠᠨ ᠲᠦᠮᠡᠨ ᠡᠴᠡ ᠠᠩᠭᠢᠳᠠ ᠣᠷᠣᠰᠢᠬᠤ ᠥᠯᠭᠡ ᠲᠦᠮᠡᠨ ᠳ᠋ᠦ᠍ ᠪᠠᠭᠲᠠᠯᠴᠠᠭᠰᠠᠨ ᠳᠣᠶᠣᠨ ᠣᠢ ᠶ᠋ᠢᠨ ᠣᠷᠢᠶᠠᠩᠬᠠᠨ ᠪᠣᠯᠵᠠᠢ᠃ ᠲᠡᠭᠡᠪᠡᠯ᠂ ᠵᠠᠷᠤᠳ ᠨᠢ ᠴᠣᠬᠣᠮ ᠬᠣᠶᠠᠷ ᠤᠷᠢᠶᠠᠩᠬᠠᠨ ᠤ᠋ ᠠᠯᠢ ᠪᠦᠯᠦᠭ》 ᠲᠦ᠍ ᠨᠢ ᠪᠠᠭᠲᠠᠭᠳᠠᠵᠤ ᠪᠠᠢᠭᠰᠠᠨ ᠪᠣᠢ? ᠬᠡᠵᠢᠶ᠎ᠡ ᠶᠠᠭᠠᠬᠢᠵᠤ ᠲᠠᠪᠤᠨ ᠣᠲᠣᠭ ᠬᠠᠯᠬ᠎ᠠ ᠳ᠋ᠤ᠌ ᠣᠷᠣᠴᠢᠬᠠᠭᠰᠠᠨ ᠪᠣᠢ?ᠤᠷᠢᠶᠠᠩᠬᠠᠨ ᠲᠦᠮᠡᠨ ᠢ᠋ ᠳ᠋ᠣᠺᠲ᠋ᠣᠷ ᠵᠢᠭᠠᠴᠢᠲᠠᠢ ᠪᠤᠶᠠᠨᠳᠠᠯᠭᠡᠷ ᠨᠡᠯᠢᠶᠡᠳ ᠰᠠᠢᠨ ᠰᠤᠳᠤᠯᠵᠠᠢ᠃ ᠲᠡᠭᠦᠨ ᠦ᠌ ᠰᠤᠳᠤᠯᠭᠠᠨ ᠢ᠋ ᠦᠨᠳᠦᠰᠦᠯᠡᠪᠡᠯ᠂ ᠤᠷᠢᠶᠠᠩᠬᠠᠨ ᠲᠦᠮᠡᠨ ᠨᠢ ᠬᠡᠨᠲᠡᠢ ᠨᠢᠷᠤᠭᠤᠨ ᠤ᠋ ᠪᠤᠷᠬᠠᠨ ᠬᠠᠯᠳᠤᠨ ᠤ᠋ ᠤᠷᠢᠶᠠᠩᠬᠠᠨ ᠠ᠋ᠴᠠ ᠢᠷᠡᠯᠲᠡᠢ᠃ ᠠᠯᠢ ᠡᠷᠲᠡ ᠴᠢᠩᠭᠢᠰ ᠬᠠᠭᠠᠨ ᠤ᠋ ᠠᠷᠪᠠᠳᠤᠭᠠᠷ ᠦᠶ᠎ᠡ ᠶ᠋ᠢᠨ ᠡᠯᠦᠨᠴᠡ ᠪᠣᠳᠣᠨᠴᠠᠷ ᠤ᠋ᠨ ᠦᠶ᠎ᠡ ᠳ᠋ᠦ᠍ ᠤᠷᠢᠶᠠᠩᠬᠠᠨ ᠨᠢ ᠪᠣᠷᠵᠢᠭᠢᠨ ᠨᠣᠶᠠᠳ ᠤ᠋ᠨ ᠡᠭᠦᠳᠡᠨ ᠪᠣᠭᠣᠯ ᠪᠣᠯᠤᠭᠰᠠᠨ ᠪᠠᠢᠪᠠ᠃ ᠴᠢᠩᠭᠢᠰ ᠬᠠᠭᠠᠨ ᠶᠡᠬᠡ ᠮᠣᠩᠭᠣᠯ ᠤᠯᠤᠰ ᠪᠠᠢᠭᠤᠯᠬᠤ ᠦᠶ᠎ᠡ ᠳ᠋ᠦ᠍᠂ ᠤᠷᠢᠶᠠᠩᠬᠠᠨ ᠤ᠋ ᠵᠠᠯᠮ᠎ᠠ᠂ ᠰᠦᠪᠡᠭᠡᠲᠡᠢ᠂ ᠤᠷᠢᠶᠠᠩᠬᠠᠨᠲᠠᠢ ᠠᠬ᠎ᠠ ᠳᠡᠭᠦᠦᠰ ᠶᠡᠬᠡ ᠬᠦᠴᠦ ᠥᠭᠭᠦᠭᠰᠡᠨ ᠪᠥᠭᠡᠳ ᠬᠣᠵᠢᠮ ᠨᠢ ᠶᠡᠬᠡ ᠮᠣᠩᠭᠣᠯ ᠤᠯᠤᠰ ᠭᠠᠳᠠᠭᠰᠢ ᠥᠷᠭᠡᠳᠬᠡᠬᠦ ᠲᠡᠢᠨ ᠶᠠᠪᠤᠭᠤᠯᠬᠤ ᠳ᠋ᠤ᠌ ᠣᠷᠢᠶᠠᠩᠬᠠᠨ ᠴᠡᠷᠢᠭ ᠲᠡᠳᠡᠨ ᠦ᠌ ᠳᠠᠭᠠᠭᠤᠯᠭ᠎ᠠ ᠪᠠᠷ ᠠᠽᠢᠶ᠎ᠠ ᠧᠦ᠋ᠷᠣᠫᠠ ᠶ᠋ᠢᠨ ᠣᠯᠠᠨ ᠤᠯᠤᠰ ᠠᠢᠮᠠᠭ ᠢ᠋ ᠪᠠᠢᠯᠳᠤᠨ ᠳᠠᠭᠠᠭᠤᠯᠵᠠᠢ᠃ ᠡᠨᠡᠬᠦ ᠭᠠᠪᠢᠶᠠᠨ ᠠ᠋ᠴᠠ ᠪᠣᠯᠵᠤ᠂ ᠡᠭᠦᠳᠡᠨ ᠪᠣᠭᠣᠯ ᠭᠠᠷᠤᠯᠲᠠᠢ ᠤᠷᠢᠶᠠᠩᠬᠠᠨ ᠤ᠋ ᠲᠦᠷᠦᠭᠦᠴᠦᠳ ᠦ᠋ᠨ ᠪᠠᠢᠷᠢ ᠰᠠᠭᠤᠷᠢ ᠬᠤᠪᠢᠷᠠᠵᠤ᠂ ᠶᠡᠬᠡ ᠮᠣᠩᠭᠣᠯ ᠤᠯᠤᠰ ᠤ᠋ᠨ ᠤᠯᠤᠰ ᠤ᠋ᠨ ᠭᠠᠪᠢᠶᠠᠲᠤ ᠰᠠᠢᠳ ᠶᠡᠬᠡ ᠨᠣᠶᠠᠳ ᠪᠣᠯᠤᠭᠰᠠᠨ ᠶᠤᠮ᠃ ᠴᠢᠩᠭᠢᠰ ᠬᠠᠭᠠᠨ ᠤᠯᠤᠰ ᠪᠠᠢᠭᠤᠯᠤᠭᠰᠠᠨ ᠬᠣᠢᠨ᠎ᠠ᠂ ᠵᠡᠯᠮ᠎ᠡ ᠶ᠋ᠢ ᠮᠢᠩᠭᠠᠨ ᠡᠷᠭᠦᠮᠵᠢᠯᠡᠵᠦ᠂ ᠵᠡᠭᠦᠨ ᠭᠠᠷ ᠤ᠋ᠨ ᠲᠦᠮᠡᠨ ᠦ᠌ ᠳᠡᠳ᠋ ᠨᠣᠶᠠᠨ ᠪᠣᠯᠭᠠᠵᠤ᠂ ᠲᠡᠭᠦᠨ ᠦ᠌ ᠳᠡᠭᠦᠦ ᠰᠦᠪᠡᠭᠡᠲᠡᠢ ᠪᠠ ᠴᠠᠭᠤᠷᠬᠠᠨ ᠢ᠋ ᠪᠠᠰᠠ ᠮᠢᠩᠭᠠᠨ ᠡᠷᠭᠦᠮᠵᠢᠯᠡᠵᠡᠢ᠃ ᠡᠳᠡᠭᠡᠷ ᠨᠣᠶᠠᠳ ᠤ᠋ᠨ ᠬᠠᠷᠢᠶᠠᠲᠤ ᠤᠷᠢᠶᠠᠩᠬᠠᠨ ᠨᠠᠷ ᠴᠢᠩᠭᠢᠰ ᠦ᠋ᠨ ᠦᠶ᠎ᠡ ᠡᠴᠡ ᠠᠪᠤᠭᠠᠳ ᠪᠤᠷᠬᠠᠨ ᠬᠠᠯᠳᠤᠨ ᠳ᠋ᠤ᠌ ᠠᠮᠢᠳᠤᠷᠠᠵᠤ᠂ ᠪᠠᠰᠠ ᠴᠢᠩᠭᠢᠰ ᠬᠠᠭᠠᠨ ᠠ᠋ᠴᠠ ᠰᠡᠭᠦᠯᠡᠷ ᠲᠡᠭᠦᠨ ᠦ᠌ ᠠᠯᠲᠠᠨ ᠬᠡᠭᠦᠷ ᠶᠡᠬᠡ ᠬᠣᠷᠢᠭ ᠢ᠋ ᠰᠠᠬᠢᠬᠤ ᠡᠭᠦᠷᠭᠡ ᠲᠡᠢ ᠪᠣᠯᠪᠠ᠃ ᠡᠳᠡ ᠨᠠᠷ 15 ᠠ᠋ᠴᠠ 16 ᠳ᠋ᠤᠭᠠᠷ ᠵᠠᠭᠤᠨ ᠤ᠋ ᠦᠶ᠎ᠡ ᠳ᠋ᠦ᠍ ᠤᠷᠢᠶᠠᠩᠬᠠᠨ ᠲᠦᠮᠡᠨ ᠪᠣᠯᠵᠤ ᠪᠦᠷᠢᠯᠳᠦᠭᠡᠳ ᠮᠥᠨ ᠬᠠᠭᠤᠴᠢᠨ ᠨᠤᠲᠤᠭ ᠪᠤᠷᠬᠠᠨ ᠬᠠᠯᠳᠤᠨ ᠳ᠋ᠤ᠌ ᠪᠠᠨ ᠪᠠᠢᠵᠠᠢ(ᠵᠢᠭᠠᠴᠢᠲᠠᠢ ᠪᠤᠶᠠᠨᠳᠠᠯᠭᠡᠷ ᠄ 《ᠣᠷᠢᠶᠠᠩᠬᠠᠨ ᠤ᠋ ᠲᠤᠬᠠᠢ》᠂ ᠪᠣᠷᠵᠢᠭᠢᠳᠠᠢ ᠣᠶᠣᠨᠪᠢᠯᠢᠭ᠌᠂ ᠯ ᠨᠠᠷᠠᠩᠭᠤᠸ᠎ᠠ ᠨᠠᠢᠷᠠᠭᠤᠯᠤᠭᠰᠠᠨ ᠄ 《ᠡᠯᠪᠡᠭ ᠪᠦᠲᠦᠭᠡᠯ -  ᠫᠷᠣᠹᠧᠰᠰᠣᠷ ᠳ᠋ᠣᠺᠲ᠋ᠣᠷ ᠵᠠᠭᠴᠢᠳ ᠰᠡᠴᠡᠨ ᠦ᠌ ᠨᠠᠶᠠᠨ ᠨᠠᠰᠤᠨ ᠤ᠋ ᠣᠢ ᠳ᠋ᠤ᠌》᠂ ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶ᠎ᠠ᠂ 1996 ᠣᠨ᠃ 
       ᠦᠯᠭᠡ ᠲᠦᠮᠡᠨ ᠦ᠌ ᠣᠷᠢᠶᠠᠩᠬᠠᠨ ᠪᠤᠶᠤ ᠳᠣᠶᠣᠨ ᠣᠢ ᠶ᠋ᠢᠨ ᠣᠷᠢᠶᠠᠩᠬᠠᠨ ᠪᠣᠯ ᠶᠤᠸᠠᠨ ᠤᠯᠤᠰ ᠤ᠋ᠨ ᠶᠠᠨ ᠶᠠᠤ ᠭᠤᠲᠠᠭᠠᠷ ᠣᠨ ᠪᠤᠶᠤ 1316 ᠣᠨ ᠳ᠋ᠤ᠌ ᠪᠠᠢᠭᠤᠯᠤᠭᠳᠠᠭᠰᠠᠨ ᠳᠣᠶᠣᠨ ᠥᠨᠳᠥᠷ ᠦ᠋ᠨ ᠣᠷᠢᠶᠠᠩᠬᠠᠨ ᠮᠢᠩᠭᠠᠨ ᠠ᠋ᠴᠠ ᠢᠷᠡᠯᠲᠡᠢ᠃ ᠲᠡᠳᠡᠨ ᠦ᠌ ᠨᠣᠶᠠᠯᠠᠭᠴᠢᠳ ᠨᠢ ᠣᠷᠢᠶᠠᠩᠬᠠᠨ ᠵᠠᠯᠮ᠎ᠠ ᠶ᠋ᠢᠨ ᠦᠷᠡᠳᠦᠰ᠃ ᠮᠢᠩ ᠤᠯᠤᠰ ᠤ᠋ᠨ ᠡᠬᠢᠨ ᠦ᠌ ᠦᠶ᠎ᠡ ᠳ᠋ᠦ᠍᠂ ᠴᠢᠩᠭᠢᠰ ᠬᠠᠭᠠᠨ ᠤ᠋ ᠣᠳᠬᠣᠨ ᠳᠡᠭᠦᠦ ᠤᠳᠴᠢᠬᠢᠨ ᠤ᠋ ᠦᠷ᠎ᠡ ᠯᠢᠶᠣᠣ ᠣᠩ ᠠᠵᠠᠰᠢᠷᠢ ᠮᠢᠩ ᠤᠯᠤᠰ ᠳᠠᠭᠠᠭᠰᠠᠨ᠎ᠠ᠂ ᠮᠢᠩ ᠤᠯᠤᠰ ᠲᠡᠭᠦᠨ ᠦ᠌ ᠡᠵᠡᠮᠰᠢᠯ ᠨᠤᠲᠤᠭ ᠲᠤ᠌ ᠤᠩᠯᠢᠭᠤᠳ᠂ ᠦᠵᠢᠶᠡᠳ᠂ ᠣᠷᠢᠶᠠᠩᠬᠠᠨ ᠭᠤᠷᠪᠠᠨ ᠣᠢ ᠪᠠᠢᠭᠤᠯᠵᠤ᠂ ᠯᠢᠶᠣᠣ ᠣᠩ ᠢ᠋ᠶ᠋ᠠᠷ ᠮᠡᠳᠡᠭᠦᠯᠦᠭᠰᠡᠨ ᠪᠠᠢᠪᠠ᠃ ᠲᠡᠭᠦᠨ ᠦ᠌ ᠳᠣᠲᠣᠷᠠᠬᠢ ᠤᠷᠢᠶᠠᠩᠬᠠᠢᠴᠤᠳ ᠪᠣᠯ ᠳᠣᠶᠣᠨ ᠤ᠋ ᠤᠷᠢᠶᠠᠩᠬᠠᠨ ᠮᠢᠩᠭᠠᠨ ᠠ᠋ᠴᠠ ᠬᠥᠭᠵᠢᠵᠦ ᠢᠷᠡᠭᠰᠡᠨ ᠤᠯᠤᠰ᠂ ᠲᠡᠳᠡᠨ ᠦ᠌ ᠨᠣᠶᠠᠯᠠᠭᠴᠢᠳ ᠨᠢ ᠣᠷᠢᠶᠠᠩᠬᠠᠨ ᠵᠠᠯᠮ᠎ᠠ ᠶ᠋ᠢᠨ ᠦᠷ᠎ᠡ ᠠᠴᠢᠨᠠᠷ᠃ ᠡᠨᠡᠬᠦ ᠭᠤᠷᠪᠠᠨ ᠣᠢ ᠶ᠋ᠢ ᠮᠢᠩ ᠤᠯᠤᠰ ᠤ᠋ᠨ ᠲᠡᠦᠬᠡᠨ ᠳ᠋ᠦ᠍ 《ᠤᠷᠢᠶᠠᠩᠬᠠᠨ ᠬᠢᠭᠡᠳ ᠭᠤᠷᠪᠠᠨ ᠣᠢ》 ᠭᠡᠵᠦ᠂ ᠳᠣᠶᠣᠨ ᠤᠷᠢᠶᠠᠩᠬᠠᠭᠴᠤᠳ ᠢ᠋ 《ᠤᠷᠢᠶᠠᠩᠬᠠᠨ ᠣᠢ 》 《ᠳᠣᠶᠣᠨ ᠣᠢ 》 ᠭᠡᠬᠦᠴᠢᠯᠡᠨ ᠨᠡᠷᠡᠢᠳᠵᠦ ᠪᠠᠢᠪᠠ᠃ 《ᠣᠢ 》 ᠭᠡᠳᠡᠭ ᠨᠢ ᠮᠢᠩ ᠤᠯᠤᠰ ᠤ᠋ᠨ ᠬᠢᠯᠢ ᠳᠠᠭᠠᠤ ᠴᠡᠷᠢᠭ ᠦ᠋ᠨ ᠪᠠᠢᠭᠤᠯᠤᠮᠵᠢ᠂ ᠮᠣᠩᠭᠣᠯᠴᠤᠳ ᠪᠣᠯ ᠬᠠᠷᠢᠨ ᠲᠡᠳᠡᠨ ᠢ᠋ ᠵᠦᠭᠡᠷ ᠯᠡ ᠤᠷᠢᠶᠠᠩᠬᠠᠢᠴᠤᠳ ᠭᠡᠳᠡᠭ᠃ ᠡᠨᠡ ᠪᠦᠯᠦᠭ ᠤᠷᠢᠶᠠᠩᠬᠠᠢᠴᠤᠳ ᠳᠣᠶᠣᠨ ᠠᠭᠤᠯᠠ᠂ ᠴᠣᠭᠣᠷ ᠭᠣᠣᠯ ᠳᠠᠭᠠᠤ ᠪᠠᠢᠵᠤ ᠪᠠᠢᠭᠠᠳ᠂ ᠰᠡᠭᠦᠯᠳᠡᠵᠦ ᠬᠢᠩᠭᠠᠨ ᠳᠠᠪᠠᠭᠠᠨ ᠤ᠋ ᠡᠮᠦᠨ᠎ᠡ ᠨᠡᠭᠦᠭᠡᠳ᠂ ᠤᠳᠴᠢᠬᠢᠨ ᠨᠣᠶᠠᠨ ᠤ᠋ ᠬᠣᠢᠴᠢᠰ ᠤ᠋ᠨ ᠨᠣᠶᠠᠯᠠᠯ ᠳ᠋ᠠᠬᠢ 《ᠦᠯᠭᠡ ᠲᠦᠮᠡᠨ 》(ᠬᠢᠩᠭᠠᠨ ᠳᠠᠪᠠᠭᠠᠨ ᠤ᠋ ᠦᠯᠭᠡ ᠪᠤᠶᠤ ᠡᠩᠭᠡᠷ ᠦ᠋ᠨ ᠲᠦᠮᠡᠨ) ᠪᠣᠯᠵᠤ ᠪᠦᠷᠢᠯᠳᠦᠵᠡᠢ᠃ ᠥᠯᠭᠡ ᠲᠦᠮᠡᠨ ᠨᠢ ᠤᠳᠴᠢᠬᠢᠨ ᠨᠣᠶᠠᠨ ᠤ᠋ ᠬᠣᠢᠴᠢᠰ ᠤ᠋ᠨ ᠨᠣᠶᠠᠯᠠᠯ ᠳ᠋ᠤ᠌ ᠪᠠᠢᠵᠤ ᠪᠠᠢᠭᠠᠳ᠂ ᠠᠯᠢ ᠨᠢᠭᠡᠨ ᠦᠶ᠎ᠡ ᠳ᠋ᠦ᠍ ᠤᠷᠢᠶᠠᠩᠬᠠᠨ ᠤ᠋ ᠡᠵᠡᠮᠰᠢᠯ ᠳ᠋ᠦ᠍ ᠣᠷᠣᠭᠰᠠᠨ ᠪᠠᠢᠪᠠ᠃
   ᠠᠷᠪᠠᠨ ᠵᠢᠷᠭᠤᠳᠤᠭᠠᠷ ᠵᠠᠭᠤᠨ ᠤ᠋ ᠳᠥᠴᠢᠭᠡᠳ ᠣᠨ ᠠ᠋ᠴᠠ ᠡᠬᠢᠯᠡᠭᠡᠳ᠂ ᠶᠡᠬᠡ ᠬᠠᠭᠠᠨ ᠲᠡᠷᠠᠴᠠᠬᠠᠷ ᠲᠦᠮᠡᠨ ᠢ᠋ᠶ᠋ᠡᠨ ᠠᠪᠴᠤ ᠬᠡᠷᠦᠯᠦᠨ ᠭᠣᠣᠯ ᠤ᠋ᠨ 《ᠬᠠᠪᠢ ᠭᠠᠵᠠᠷ ᠠ᠋ᠴᠠ ᠬᠢᠩᠭᠠᠨ ᠳᠠᠪᠠᠭ᠎ᠠ ᠳᠠᠪᠠᠨ ᠡᠮᠦᠨᠡᠰᠢ ᠪᠠᠭᠤᠵᠤ᠂ ᠣᠷᠢᠶᠠᠩᠬᠠᠨ ᠣᠢ ᠶ᠋ᠢᠨ ᠬᠣᠢᠲᠤ ᠬᠡᠰᠡᠭ ᠢ᠋ ᠡᠵᠡᠯᠡᠨ ᠠᠪᠬᠤ ᠳ᠋ᠤ᠌᠂ ᠬᠠᠭᠠᠨ ᠤ᠋ ᠬᠠᠮᠲᠤ ᠪᠠᠷ ᠬᠠᠯᠬ᠎ᠠ ᠲᠦᠮᠡᠨ ᠦ᠌ ᠵᠡᠭᠦᠨ ᠭᠠᠷ ᠬᠤᠷᠬᠠᠴᠢ ᠪᠠᠭᠠᠲᠤᠷ ᠤ᠋ᠨ ᠤᠳᠤᠷᠢᠳᠤᠯᠭ᠎ᠠ ᠪᠠᠷ᠂ ᠬᠣᠷᠴᠢᠨ ᠤ᠋ ᠪᠠᠷᠠᠭᠤᠨ ᠭᠠᠷ ᠬᠦᠢ ᠮᠥᠩᠬᠡ ᠳᠠᠰᠬᠠᠷ᠎ᠠ ᠶ᠋ᠢᠨ ᠳᠠᠭᠠᠭᠤᠯᠭ᠎ᠠ ᠪᠠᠷ ᠲᠤᠰ ᠲᠤᠰ ᠬᠢᠩᠭᠠᠨ ᠳᠠᠪᠠᠭᠠᠨ ᠤ᠋ ᠦᠯᠭᠡ ᠳ᠋ᠦ᠍ ᠪᠠᠭᠤᠵᠤ᠂ ᠦᠵᠢᠶᠡᠳ᠂ ᠤᠩᠯᠢᠭᠤᠳ ᠬᠣᠶᠠᠷ ᠣᠢ ᠶ᠋ᠢ ᠪᠦᠷᠢᠮᠦᠰᠦᠨ ᠡᠵᠡᠮᠳᠡᠵᠦ ᠠᠪᠴᠠᠢ᠃ ᠡᠨᠡ ᠦᠶ᠎ᠡ ᠳ᠋ᠦ᠍᠂ ᠪᠠᠷᠠᠭᠤᠨ ᠲᠦᠮᠡᠨ ᠦ᠌ ᠲᠦᠷᠦᠭᠦᠦ ᠲᠦᠮᠡᠳ ᠦ᠋ᠨ ᠠᠯᠲᠠᠨ ᠬᠠᠭᠠᠨ ᠲᠡᠰᠴᠦ ᠶᠠᠳᠠᠨ ᠵᠡᠭᠦᠨᠰᠢ ᠴᠡᠷᠢᠭᠯᠡᠵᠦ᠂ ᠤᠷᠢᠶᠠᠩᠬᠠᠨ ᠣᠢ ᠶ᠋ᠢᠨ ᠡᠮᠦᠨ᠎ᠡ ᠬᠡᠰᠡᠭ ᠢ᠋ ᠪᠠᠢᠯᠳᠤᠨ ᠳᠠᠭᠠᠭᠤᠯᠤᠭᠠᠳ᠂ ᠲᠡᠳᠡᠨ ᠢ᠋ ᠬᠠᠷᠠᠴᠢᠨ ᠤ᠋ ᠨᠣᠶᠠᠳ ᠲᠤ᠌ ᠬᠤᠪᠢᠶᠠᠨ ᠥᠮᠴᠢᠯᠡᠭᠦᠯᠵᠡᠢ᠃ ᠡᠳᠡᠭᠡᠷ ᠴᠡᠷᠢᠭ ᠲᠡᠢᠨ ᠦ᠌ ᠠᠵᠢᠯᠯᠠᠭ᠎ᠠ ᠨᠤᠭᠤᠳ ᠤ᠋ᠨ ᠦᠷ᠎ᠡ ᠳ᠋ᠦᠩ ᠳ᠋ᠦ᠍᠂ ᠤᠷᠢᠶᠠᠩᠬᠠᠨ ᠣᠢ ᠶ᠋ᠢᠨ ᠤᠷᠢᠶᠠᠩᠬᠠᠭᠴᠤᠳ ᠴᠠᠬᠠᠷ᠂ ᠬᠠᠷᠠᠴᠢᠨ ᠬᠣᠶᠠᠷ ᠠᠢᠮᠠᠭ ᠤ᠋ᠨ ᠠᠯᠲᠠᠨ ᠣᠷᠣᠭᠳᠠᠨ ᠤ᠋ ᠡᠵᠡᠮᠰᠢᠯ ᠳ᠋ᠦ᠍ ᠣᠷᠣᠵᠤ᠂ ᠲᠡᠳᠡᠨ ᠦ᠌ ᠲᠦᠷᠦᠭᠦᠴᠦᠳ ᠨᠢ ᠴᠠᠬᠠᠷ ᠪᠠ ᠲᠠᠢᠵᠢ ᠨᠠᠷ ᠤ᠋ᠨ ᠲᠠᠪᠤᠨᠠᠩ ᠨᠠᠷ ᠪᠣᠯᠵᠤ᠂ ᠬᠠᠷᠠᠴᠢᠨ ᠳ᠋ᠤ᠌ 《ᠲᠠᠢᠵᠢ ᠲᠠᠪᠤᠨᠠᠩ 》 ᠬᠡᠮᠡᠬᠦ ᠨᠣᠶᠠᠯᠠᠬᠤ ᠳᠠᠪᠬᠤᠷᠭ᠎ᠠ ᠪᠣᠢ ᠪᠣᠯᠵᠠᠢ᠃ ᠡᠳᠡᠭᠡᠷ ᠲᠠᠪᠤᠨᠠᠩ ᠨᠠᠷ ᠪᠣᠯ ᠬᠣᠵᠢᠮ ᠤ᠋ᠨ ᠲᠠᠢᠴᠢᠩ ᠭᠦᠷᠦᠨ ᠦ᠌ ᠦᠶ᠎ᠡ ᠶ᠋ᠢᠨ ᠵᠣᠰᠣᠲᠤ ᠶ᠋ᠢᠨ ᠴᠢᠭᠤᠯᠭᠠᠨ ᠤ᠋ ᠬᠠᠷᠠᠴᠢᠨ ᠭᠤᠷᠪᠠᠨ ᠬᠣᠰᠢᠭᠤ ᠪᠠ ᠲᠦᠮᠡᠳ ᠵᠡᠭᠦᠨ ᠬᠤᠰᠢᠭᠤᠨ ᠤ᠋ ᠵᠠᠰᠠᠭ ᠲᠠᠪᠤᠨᠠᠩ ᠨᠠᠷ ᠤ᠋ᠨ ᠳᠡᠭᠡᠳᠦᠰ ᠶᠦ᠍ᠮ᠃ ᠡᠨᠡ ᠲᠤᠬᠠᠢ ᠣᠯᠳᠣᠢ ᠪᠢ 《ᠬᠠᠷᠠᠴᠢᠨ ᠲᠦᠮᠡᠨ ᠦ᠌ ᠰᠤᠳᠤᠯᠤᠯ 》ᠭᠡᠳᠡᠭ ᠵᠣᠬᠢᠶᠠᠯ ᠳ᠋ᠤ᠌ ᠪᠠᠨ ᠨᠡᠯᠢᠶᠡᠳ ᠳᠡᠯᠭᠡᠷᠡᠩᠭᠦᠢ ᠥᠭᠦᠯᠡᠭᠰᠡᠨ ᠪᠣᠯᠬᠣᠷ ᠠᠳᠠ ᠨᠤᠷᠰᠢᠬᠤ ᠪᠠᠨ ᠪᠣᠯᠢᠶ᠎ᠠ᠃
ᠭᠡᠪᠡᠴᠦ᠂ ᠦᠵᠦᠮᠦᠴᠢᠨ ᠲᠠᠢᠵᠢ ᠭᠣᠮᠪᠣᠵᠠᠪ 《ᠭᠠᠩᠭ᠎ᠠ ᠶ᠋ᠢᠨ ᠤᠷᠤᠰᠬᠠᠯ》 ᠳ᠋ᠤ᠌ ᠪᠠᠨ ᠣᠷᠢᠶᠠᠩᠬᠠᠨ ᠵᠠᠯᠮ᠎ᠠ ᠶ᠋ᠢᠨ ᠦᠷ᠎ᠡ ᠪᠠᠭᠠᠰᠤᠨ ᠲᠠᠪᠤᠨᠠᠩ ᠠ᠋ᠴᠠ ᠦᠷᠡᠵᠢᠭᠰᠡᠨ ᠨᠢ 《ᠬᠠᠷᠠᠴᠢᠨ ᠤ᠋ ᠨᠣᠶᠠᠳ ᠲᠠᠪᠤᠨᠠᠩ ᠣᠪᠣᠭᠲᠤ ᠮᠥᠨ ᠭᠡᠮᠡᠨ ᠵᠠᠷᠢᠮ ᠤ᠋ᠳ ᠣᠯᠠᠩᠬᠢ ᠳ᠋ᠤᠷ ᠥᠭᠦᠯᠡᠵᠦᠬᠦᠢ 》 ᠭᠡᠵᠦ ᠳᠠᠮ ᠬᠡᠯᠡᠯᠭᠡ ᠶ᠋ᠢ ᠲᠡᠮᠳᠡᠭᠯᠡᠭᠰᠡᠨ ᠡᠴᠡ ᠪᠣᠯᠵᠤ᠂ ᠬᠥᠮᠦᠰ ᠵᠠᠷᠤᠳ ᠨᠣᠶᠠᠳ ᠢ᠋ ᠬᠠᠷᠠᠴᠢᠨ ᠲᠦᠮᠡᠳ ᠦ᠋ᠨ ᠤᠷᠢᠶᠠᠩᠬᠠᠨ ᠨᠣᠶᠠᠳ ᠲᠠᠢ ᠨᠢᠭᠡᠯᠡ ᠭᠡᠷ ᠦ᠋ᠨ ᠭᠡᠵᠦ ᠦᠵᠡᠭᠡᠳ ᠵᠠᠷᠤᠳ ᠢ᠋ ᠥᠯᠭᠡ ᠲᠦᠮᠡᠨ ᠦ᠌ ᠣᠷᠢᠶᠠᠩᠬᠠᠨ ᠠ᠋ᠴᠠ ᠢᠷᠡᠯᠲᠡᠢ ᠭᠡᠵᠦ ᠦᠵᠡᠬᠦ ᠪᠣᠯᠤᠭᠰᠠᠨ ᠶᠤᠮ᠃ ᠡᠨᠡ ᠪᠣᠯ ᠡᠨᠳᠡᠭᠦᠷᠡᠯ᠂ ᠡᠨᠡᠬᠦ ᠡᠨᠳᠡᠭᠦᠷᠡᠯ ᠨᠠᠭᠠᠳᠤ ᠵᠠᠬ᠎ᠠ ᠳ᠋ᠤ᠌ ᠪᠠᠨ ᠭᠣᠮᠪᠣᠵᠠᠪ ᠤ᠋ᠨ ᠦᠶ᠎ᠡ ᠳ᠋ᠦ᠍ ᠨᠢᠭᠡᠨᠲᠡ ᠪᠣᠢ ᠪᠣᠯᠤᠭᠠᠳ᠂ ᠵᠠᠷᠤᠳ ᠭᠦᠦᠰᠢ ᠲᠡᠭᠦᠨ ᠢ᠋ ᠢᠳᠡᠭᠡᠨ ᠲᠡᠮᠳᠡᠭᠯᠡᠭᠰᠡᠨ ᠡᠴᠡ ᠡᠨᠡᠬᠦ ᠬᠡᠯᠡᠯᠭᠡ ᠤᠯᠠᠮ ᠳᠡᠯᠭᠡᠷᠡᠵᠡᠢ᠃ ᠡᠨᠡᠬᠦ ᠬᠡᠯᠡᠯᠭᠡ ᠡᠨᠳᠡᠭᠦᠷᠡᠯ ᠪᠣᠯᠬᠤ ᠨᠢ ᠡᠷᠡᠭᠡᠯᠵᠡᠰᠢ ᠦᠭᠡᠢ᠃
  ᠬᠠᠮᠤᠭ ᠲᠦᠷᠦᠭᠦᠨ ᠳ᠋ᠦ᠍᠂ ᠳᠠᠯᠠᠨ ᠲᠡᠷᠢᠭᠦᠨ ᠦ᠌ ᠲᠡᠢᠨ ᠪᠣᠯᠤᠭᠰᠠᠨ 1509 ᠣᠨ ᠳ᠋ᠤ᠌᠂ ᠬᠠᠯᠬ᠎ᠠ ᠲᠦᠮᠡᠨ ᠣᠳᠣ ᠶ᠋ᠢᠨ ᠮᠣᠩᠭᠣᠯ ᠤᠯᠤᠰ ᠤ᠋ᠨ ᠵᠡᠭᠦᠨ ᠡᠮᠦᠨ᠎ᠡ ᠪᠡᠶ᠎ᠡ ᠪᠠ ᠮᠠᠨ ᠤ᠋ ᠬᠥᠯᠥᠨ ᠪᠤᠢᠷ ᠨᠤᠲᠤᠭ ᠢ᠋ᠶ᠋ᠠᠷ ᠤᠷᠤᠰᠴᠤ ᠪᠠᠢᠭ᠎ᠠ ᠬᠠᠯᠬ᠎ᠠ ᠭᠣᠣᠯ ᠳᠠᠭᠠᠤ ᠪᠠᠢᠭᠰᠠᠨ ᠪᠥᠭᠡᠳ ᠪᠠᠷᠠᠭᠤᠨ ᠵᠡᠭᠦᠨ ᠭᠠᠷ ᠲᠤ᠌ ᠬᠤᠪᠢᠶᠠᠭᠳᠠᠭᠰᠠᠨ ᠶᠡᠬᠡ ᠲᠦᠮᠡᠨ ᠪᠠᠢᠵᠠᠢ᠃ ᠲᠡᠷᠡ ᠦᠶ᠎ᠡ ᠳ᠋ᠦ᠍ ᠥᠪᠥᠷ ᠲᠠᠪᠤᠨ ᠬᠠᠯᠬ᠎ᠠ ᠭᠡᠵᠦ ᠭᠠᠷᠤᠭᠠᠳᠤᠢ᠂ ᠥᠪᠥᠷ ᠲᠠᠪᠤᠨ ᠬᠠᠯᠬ᠎ᠠ ᠪᠣᠢ ᠪᠣᠯᠤᠭᠰᠠᠨ ᠨᠢ ᠲᠡᠭᠦᠨ ᠡᠴᠡ ᠬᠠᠭᠠᠰ ᠵᠠᠭᠤᠨ ᠤ᠋ ᠳᠠᠷᠠᠭ᠎ᠠ ᠶᠤᠮ᠃ ᠡᠢᠮᠦ ᠡᠴᠡ᠂ ᠳᠠᠯᠠᠨ ᠲᠡᠷᠢᠭᠦᠨ ᠦ᠌ ᠲᠡᠢᠨ ᠳ᠋ᠦ᠍ ᠣᠷᠣᠭᠰᠠᠨ ᠬᠠᠯᠬ᠎ᠠ ᠪᠠᠭᠠᠰᠤᠨ ᠪᠠᠭᠠᠲᠤᠷ ᠭᠡᠭᠴᠢ ᠶᠡᠬᠡ ᠬᠠᠯᠬ᠎ᠠ ᠲᠦᠮᠡᠨ ᠦ᠌ ᠨᠣᠶᠠᠯᠠᠭᠴᠢ ᠶ᠋ᠢᠨ ᠨᠢᠭᠡ ᠨᠢ ᠪᠣᠯᠵᠤ ᠲᠠᠭᠠᠷᠠᠨ᠎ᠠ᠃ ᠡᠨᠡ ᠬᠥᠮᠦᠨ ᠢ᠋ ᠵᠠᠷᠤᠳ ᠤ᠋ᠨ ᠨᠣᠶᠠᠨ ᠤᠳᠤᠮ ᠤ᠋ᠨ ᠭᠡᠰᠡᠨ ᠡᠴᠡ ᠦᠵᠡᠪᠡᠯ᠂ ᠵᠠᠷᠤᠳ ᠨᠢ ᠶᠡᠬᠡ ᠬᠠᠯᠬ᠎ᠠ ᠲᠦᠮᠡᠨ ᠦ᠌ ᠨᠢᠭᠡ ᠣᠲᠣᠭ ᠪᠠᠢᠭᠰᠠᠨ ᠪᠥᠭᠡᠳ ᠪᠠᠭᠠᠰᠤᠨ ᠨᠢ ᠡᠨᠡᠬᠦ ᠵᠠᠷᠤᠳ ᠣᠲᠣᠭ ᠤ᠋ᠨ ᠨᠣᠶᠠᠨ ᠪᠠᠢᠵᠠᠢ᠃ ᠰᠠᠭᠠᠩ ᠰᠡᠴᠡᠨ᠂ ᠵᠠᠷᠤᠳ ᠭᠦᠦᠰᠢ ᠨᠠᠷ ᠥᠪᠡᠷ ᠦ᠋ᠨ ᠠᠮᠢᠳᠤᠷᠠᠵᠤ ᠪᠠᠢᠭᠰᠠᠨ ᠦᠶ᠎ᠡ ᠶ᠋ᠢᠨ ᠢ᠋ᠶ᠋ᠡᠨ ᠪᠠᠢᠳᠠᠯ ᠪᠠ ᠮᠡᠳᠡᠯᠭᠡ ᠳ᠋ᠦ᠍ ᠳᠣᠯᠳᠣᠢᠳᠴᠤ᠂ 1509 ᠣᠨ ᠤ᠋ ᠦᠶ᠎ᠡ ᠶ᠋ᠢᠨ ᠵᠠᠷᠤᠳ ᠤ᠋ᠨ ᠪᠠᠭᠠᠰᠤᠨ ᠢ᠋ 《ᠥᠪᠥᠷ ᠲᠠᠪᠤᠨ ᠬᠠᠯᠬ᠎ᠠ ᠶ᠋ᠢᠨ ᠪᠠᠭᠠᠰᠤᠨ ᠲᠠᠪᠤᠨᠠᠩ 》ᠭᠡᠵᠦ ᠲᠡᠮᠳᠡᠭᠯᠡᠭᠰᠡᠨ ᠨᠢ ᠵᠥᠪ ᠪᠢᠰᠢ᠃
ᠬᠣᠶᠠᠳᠤᠭᠠᠷ ᠲᠤ᠌᠂ ᠳᠠᠯᠠᠨ ᠲᠡᠷᠢᠭᠦᠨ ᠦ᠌ ᠲᠡᠢᠨ ᠳ᠋ᠦ᠍ ᠣᠷᠣᠵᠤ ᠶᠡᠬᠡ ᠭᠠᠪᠢᠶ᠎ᠠ ᠪᠠᠢᠭᠤᠯᠤᠭᠰᠠᠨ ᠣᠷᠢᠶᠠᠩᠬᠠᠭᠴᠤᠳ ᠪᠣᠯ ᠪᠤᠷᠬᠠᠨ ᠬᠠᠯᠳᠤᠨ ᠤ᠋ ᠣᠷᠢᠶᠠᠩᠬᠠᠨ ᠲᠦᠮᠡᠨ ᠦ᠌ ᠴᠡᠷᠢᠭ᠂ ᠬᠠᠷᠢᠨ ᠥᠯᠭᠡ ᠲᠦᠮᠡᠨ ᠦ᠌ ᠣᠷᠢᠶᠠᠩᠬᠠᠨ ᠣᠲᠣᠭ(ᠮᠢᠩ ᠤᠯᠤᠰ ᠤ᠋ᠨ ᠬᠡᠯᠡᠳᠡᠭ ᠣᠷᠢᠶᠠᠩᠬᠠᠨ ᠣᠢ)ᠪᠢᠰᠢ᠃ 《ᠡᠷᠳᠡᠨᠢ ᠶ᠋ᠢᠨ ᠲᠣᠪᠴᠢ》 ᠳ᠋ᠤ᠌ ᠲᠡᠮᠳᠡᠭᠯᠡᠭᠰᠡᠨ ᠢ᠋ᠶ᠋ᠡᠷ ᠳᠠᠶᠠᠨ ᠬᠠᠭᠠᠨ ᠬᠥᠪᠡᠭᠦᠨ ᠢ᠋ᠶ᠋ᠡᠨ ᠠᠯᠠᠭᠳᠠᠭᠰᠠᠨ ᠢ᠋ ᠰᠣᠨᠣᠰᠤᠭᠠᠳ᠄ 《ᠡᠵᠡᠨ ᠲᠡᠭᠷᠢ ᠳ᠋ᠦ᠍ ᠵᠠᠷᠭᠤ ᠪᠠᠨ ᠵᠢᠭᠠᠨ ᠰᠠᠴᠤᠯᠢ ᠰᠠᠴᠤᠵᠤ ᠮᠥᠷᠭᠥᠭᠡᠳ ᠵᠡᠭᠦᠨ ᠭᠤᠷᠪᠠᠨ ᠲᠦᠮᠡᠨ᠂ ᠠᠪᠠᠭ᠎ᠠ ᠬᠣᠣᠷᠴᠢᠨ(ᠬᠣᠷᠴᠢᠨ)ᠬᠢᠭᠡᠳ ᠢ᠋ ᠠᠪᠤᠨ ᠮᠣᠷᠢᠯᠠᠪᠠᠢ》᠂ ᠲᠡᠭᠡᠭᠡᠳ ᠪᠠᠢᠯᠳᠤᠭᠠᠨ ᠳ᠋ᠤ᠌ ᠣᠷᠣᠬᠤ ᠳ᠋ᠤ᠌ ᠪᠠᠨ 《ᠣᠷᠳᠣᠰ ᠡᠵᠡᠨ ᠦ᠌ ᠨᠠᠢ᠍ᠮᠠᠨ ᠴᠠᠭᠠᠨ ᠭᠡᠷ ᠢ᠋ ᠬᠠᠳᠠᠭᠠᠯᠠᠭᠰᠠᠨ ᠶᠡᠬᠡ ᠵᠠᠶᠠᠭᠠᠲᠤ ᠤᠯᠤᠰ ᠪᠥᠯᠥᠭᠡ᠂ ᠲᠡᠭᠦᠨ ᠯᠦᠭᠡ ᠤᠷᠢᠶᠠᠩᠬᠠᠨ ᠮᠥᠨ ᠡᠵᠡᠨ ᠦ᠌ ᠠᠯᠲᠠᠨ ᠬᠥᠮᠥᠷᠭᠡ ᠶ᠋ᠢ ᠰᠠᠬᠢᠭᠰᠠᠨ ᠪᠠᠰᠠ ᠶᠡᠬᠡ ᠵᠠᠶᠠᠭᠠᠲᠤ ᠤᠯᠤᠰ᠂ ᠬᠣᠣᠷᠴᠢᠨ ᠠᠪᠠᠭ᠎ᠠ ᠲᠠᠢ ᠲᠤᠰᠠᠯᠠᠲᠤᠭᠠᠢ 》 ᠭᠡᠵᠡᠢ᠃ 《ᠡᠵᠡᠨ ᠦ᠌ ᠠᠯᠲᠠᠨ ᠬᠥᠮᠥᠷᠭᠡ 》ᠭᠡᠭᠴᠢ ᠨᠢ ᠡᠵᠡᠨ ᠴᠢᠩᠭᠢᠰ ᠦ᠋ᠨ ᠠᠯᠲᠠᠨ ᠬᠡᠭᠦᠷ ᠢ᠋ ᠪᠤᠮᠪᠠᠯᠠᠭᠰᠠᠨ ᠠᠪᠰᠠ ᠶ᠋ᠢ ᠬᠡᠯᠡᠵᠡᠢ᠃ ᠡᠭᠦᠨ ᠡᠴᠡ ᠪᠢᠳᠡ ᠪᠠᠭᠠᠰᠤᠨ ᠲᠠᠪᠤᠨᠠᠩ ᠪᠣᠯ ᠡᠵᠡᠨ ᠦ᠌ ᠶᠡᠬᠡ ᠬᠣᠷᠢᠭ ᠢ᠋ ᠰᠠᠬᠢᠭᠰᠠᠨ ᠪᠤᠷᠬᠠᠨ ᠬᠠᠯᠳᠤᠨ ᠤ᠋ ᠣᠷᠢᠶᠠᠩᠬᠠᠨ ᠤ᠋ ᠬᠥᠮᠦᠨ᠂ ᠵᠡᠭᠦᠨ ᠭᠤᠷᠪᠠᠨ ᠲᠦᠮᠡᠨ ᠦ᠌ ᠨᠢᠭᠡ ᠨᠢ ᠪᠣᠯᠤᠭᠰᠠᠨ ᠣᠷᠢᠶᠠᠩᠬᠠᠨ ᠲᠦᠮᠡᠨ ᠦ᠌ ᠪᠠᠭᠠᠲᠤᠷ ᠭᠡᠭᠴᠢ ᠶ᠋ᠢ ᠬᠢᠯᠪᠠᠷᠬᠠᠨ ᠮᠡᠳᠡᠵᠦ ᠪᠣᠯᠤᠨ᠎ᠠ᠃
  ᠭᠤᠷᠪᠠ ᠳ᠋ᠤ᠌ ᠪᠠᠭᠠᠰᠤᠨ ᠨᠢ ᠥᠯᠭᠡ ᠶ᠋ᠢᠨ ᠤᠷᠢᠶᠠᠩᠬᠠᠨ ᠤ᠋ ᠬᠥᠮᠦᠨ ᠭᠡᠵᠦ ᠵᠢᠱ᠌ᠢᠬᠦ ᠪᠣᠯᠤᠮᠵᠢ ᠶᠡᠷᠦᠳᠡᠭᠡᠨ ᠠᠯᠠᠭ᠎ᠠ᠃ ᠤᠴᠢᠷ ᠨᠢ ᠡᠳᠡᠭᠡᠷ ᠣᠷᠢᠶᠠᠩᠬᠠᠨ ᠨᠠᠷ ᠴᠠᠬᠠᠷ ᠪᠠ ᠬᠠᠷᠠᠴᠢᠨ ᠤ᠋ ᠲᠠᠢᠵᠢ ᠨᠠᠷ ᠲᠤ᠌ ᠬᠤᠪᠢᠶᠠᠭᠳᠠᠭᠰᠠᠨ ᠪᠥᠭᠡᠳ ᠮᠠᠨᠵᠤ ᠨᠠᠷ ᠡᠵᠡᠯᠡᠨ ᠠᠪᠬᠤ ᠪᠣᠯᠲᠠᠯ᠎ᠠ ᠴᠠᠬᠠᠷ ᠬᠠᠷᠠᠴᠢᠨ ᠬᠣᠶᠠᠷ ᠨᠢ ᠲᠠᠪᠤᠨ ᠬᠠᠯᠬ᠎ᠠ ᠳ᠋ᠤ᠌ ᠢᠯᠠᠭᠳᠠᠵᠤ ᠠᠯᠪᠠᠲᠤ ᠬᠠᠷᠢᠶᠠᠲᠤ ᠪᠠᠨ ᠬᠤᠷᠢᠶᠠᠯᠭᠠᠭᠰᠠᠨ ᠶᠠᠪᠤᠳᠠᠯ ᠦᠭᠡᠢ ᠪᠣᠯᠬᠣᠷ᠂ ᠲᠡᠳᠡ ᠳᠠᠬᠢᠭᠠᠳ ᠵᠠᠷᠤᠳ ᠤ᠋ᠨ ᠲᠠᠢᠵᠢ ᠨᠠᠷ ᠤ᠋ᠨ ᠠᠯᠪᠠᠲᠤ ᠪᠣᠯᠵᠤ ᠬᠤᠪᠢᠷᠠᠬᠤ ᠶᠣᠰᠣ ᠦᠭᠡᠢ ᠶᠦ᠍ᠮ᠃ ᠮᠢᠩ ᠤᠯᠤᠰ ᠤ᠋ᠨ ᠬᠦ᠌ ᠶᠢᠩ ᠲᠡᠢ ᠭᠡᠭᠴᠢ ᠬᠥᠮᠦᠨ᠂ ᠣᠷᠢᠶᠠᠩᠬᠠᠨ ᠣᠢ ᠶ᠋ᠢᠨ ᠲᠦᠷᠦᠭᠦᠦ ᠬᠤᠸᠠᠳᠠᠩ ᠤ᠋ᠨ ᠤᠳᠠᠭᠠᠬᠢ ᠬᠥᠪᠡᠭᠦᠨ ᠪᠠᠷᠰᠤᠨ ᠶᠡᠬᠡ ᠬᠠᠭᠠᠨ ᠲᠠᠢ ᠤᠷᠤᠭ ᠪᠣᠯᠤᠯᠴᠠᠵᠤ ᠮᠢᠩ ᠤᠯᠤᠰ ᠤ᠋ᠨ ᠳᠠᠢᠰᠤᠨ ᠪᠣᠯᠵᠤ ᠪᠠᠢᠨ᠎ᠠ ᠭᠡᠵᠦ ᠲᠡᠮᠳᠡᠭᠯᠡᠭᠰᠡᠨ ᠵᠦᠢᠯ ᠪᠣᠢ᠃ ᠡᠭᠦᠨ ᠢ᠋ ᠦᠨᠳᠦᠰᠦᠯᠡᠵᠦ ᠵᠠᠷᠢᠮ ᠡᠷᠳᠡᠮᠲᠡᠨ ᠪᠠᠭᠠᠰᠤᠨ ᠲᠠᠪᠤᠨᠠᠩ ᠢ᠋ ᠡᠨᠡ ᠪᠠᠷᠰᠤᠨ ᠭᠡᠭᠴᠢ ᠲᠡᠢ ᠦᠯᠢᠳᠬᠡᠨ ᠦᠵᠡᠵᠦ᠂ ᠤᠯᠠᠮ ᠢ᠋ᠶ᠋ᠠᠷ ᠵᠠᠷᠤᠳ ᠢ᠋ ᠣᠷᠢᠶᠠᠩᠬᠠᠨ ᠣᠢ ᠶ᠋ᠢᠨ ᠢᠷᠭᠡᠳ ᠭᠡᠮᠡᠨ ᠦᠵᠡᠭᠰᠡᠨ ᠨᠢ ᠢᠲᠡᠭᠡᠮᠡᠷ ᠪᠢᠰᠢ᠃ ᠡᠭᠦᠨ ᠡᠴᠡ ᠪᠢᠳᠡ ᠵᠠᠷᠤᠳ ᠪᠣᠯ 《ᠡᠵᠡᠨ ᠦ᠌ ᠠᠯᠲᠠᠨ ᠬᠥᠮᠥᠷᠭᠡ 》 ᠶ᠋ᠢ ᠰᠠᠬᠢᠭᠰᠠᠨ ᠣᠷᠢᠶᠠᠩᠬᠠᠨ ᠲᠦᠮᠡᠨ ᠦ᠌ ᠨᠢᠭᠡᠨ ᠣᠲᠣᠭ ᠪᠠᠢᠪᠠ ᠭᠡᠰᠡᠨ ᠢ᠋ ᠤᠯᠠᠮ ᠭᠡᠷᠡᠴᠢᠯᠡᠵᠦ ᠪᠣᠯᠤᠨ᠎ᠠ᠃ ᠲᠡᠭᠡᠪᠡᠯ ᠪᠤᠷᠬᠠᠨ ᠬᠠᠯᠳᠤᠨ ᠤ᠋ ᠵᠠᠷᠤᠳ ᠨᠠᠷ ᠬᠡᠵᠢᠶ᠎ᠡ ᠨᠢ ᠬᠠᠯᠬ᠎ᠠ ᠲᠦᠮᠡᠨ ᠳ᠋ᠦ᠍ ᠪᠠᠭᠲᠠᠬᠤ ᠪᠣᠯᠤᠭᠰᠠᠨ ᠪᠣᠢ? ᠡᠨᠡᠬᠦ ᠠᠰᠠᠭᠤᠯᠲᠠ ᠶ᠋ᠢ ᠬᠠᠷᠢᠭᠤᠯᠬᠤ ᠳ᠋ᠤ᠌ ᠬᠢᠯᠪᠠᠷ᠃ ᠳᠠᠶᠠᠨ ᠬᠠᠭᠠᠨ ᠨᠠᠰᠤ ᠪᠠᠷᠠᠭᠰᠠᠨ ᠤ᠋ ᠳᠠᠷᠠᠭ᠎ᠠ᠂ ᠲᠡᠭᠦᠨ ᠦ᠌ ᠣᠮᠪᠣᠯ ᠪᠥᠭᠡᠳ ᠶᠡᠬᠡ ᠬᠠᠭᠠᠨ ᠪᠣᠳᠢ ᠠᠯᠠᠭ ᠨᠢ ᠴᠠᠬᠠᠷ᠂ ᠬᠠᠯᠬ᠎ᠠ ᠪᠠ ᠪᠠᠷᠠᠭᠤᠨ ᠭᠤᠷᠪᠠᠨ ᠵᠡᠷᠭᠡ ᠲᠠᠪᠤᠨ ᠲᠦᠮᠡᠨ ᠢ᠋ ᠳᠠᠢᠴᠢᠯᠠᠵᠤ᠂ ᠣᠷᠢᠶᠠᠩᠬᠠᠨ ᠲᠦᠮᠡᠨ ᠳ᠋ᠦ᠍ ᠬᠡᠳᠦ ᠬᠡᠳᠦᠨ ᠤᠳᠠᠭ᠎ᠠ ᠴᠡᠷᠢᠭᠯᠡᠵᠡᠢ᠃ ᠲᠦᠮᠡᠳ ᠦ᠋ᠨ ᠠᠯᠲᠠᠨ ᠬᠠᠭᠠᠨ ᠤ᠋ ᠨᠠᠮᠲᠠᠷ ᠢ᠋ ᠦᠨᠳᠦᠰᠦᠯᠡᠪᠡᠯ᠂ 1524 ᠣᠨ ᠳ᠋ᠤ᠌ ᠤᠷᠢᠶᠠᠩᠬᠠᠨ ᠲᠦᠮᠡᠨ ᠦ᠌ ᠳᠥᠷᠥᠢ ᠨᠣᠶᠠᠨ ᠪᠠ ᠬᠡᠷᠡᠪᠦᠯᠤᠳ ᠴᠢᠩᠰᠠᠩ ᠬᠣᠶᠠᠭᠤᠯᠠ ᠬᠠᠯᠬ᠎ᠠ ᠲᠦᠮᠡᠨ ᠦ᠌ ᠪᠤᠰᠤᠳ ᠬᠦᠷᠢᠶ᠎ᠡ ᠬᠣᠶᠠᠷ ᠣᠲᠣᠭ ᠢ᠋ ᠳᠠᠢᠯᠠᠭᠰᠠᠨ ᠳ᠋ᠤ᠌᠂ ᠪᠤᠰᠤᠳ ᠲᠦᠮᠡᠨ ᠣᠳ ᠤ᠋ᠨ ᠬᠣᠯᠪᠣᠭᠠᠲᠤ ᠴᠡᠷᠢᠭ ᠣᠷᠢᠶᠠᠩᠬᠠᠨ ᠳ᠋ᠤ᠌ ᠴᠡᠷᠢᠭᠯᠡᠵᠡᠢ᠃ ᠲᠡᠭᠦᠨ ᠡᠴᠡ ᠰᠡᠭᠦᠯᠡᠷ ᠪᠠᠰᠠ 1531᠂ 1532᠂ 1538᠂ 1541᠂ 1544 ᠣᠨ ᠨᠤᠭᠤᠳ ᠲᠤ᠌ ᠳᠠᠷᠠᠭᠠᠯᠠᠨ ᠲᠠᠪᠤᠨᠲᠠ ᠠᠶᠠᠯᠠᠵᠤ᠂ ᠡᠴᠦᠰ ᠲᠡᠭᠡᠨ ᠤᠷᠢᠶᠠᠩᠬᠠᠨ ᠲᠦᠮᠡᠨ ᠢ᠋ ᠮᠥᠬᠥᠭᠡᠭᠡᠳ᠂ 《ᠲᠤᠰ ᠲᠤᠰ ᠪᠦᠷᠢ ᠣᠷᠣᠭᠰᠠᠨ ᠢ᠋ ᠪᠠᠷᠢᠵᠤ ᠵᠠᠰᠠᠭᠯᠠᠭᠠᠳ᠂ ᠲᠣᠭᠳᠠᠯᠠ ᠣᠯᠵᠠ ᠪᠣᠯᠭᠠᠪᠠᠢ ᠤᠷᠢᠶᠠᠩᠬᠠᠨ ᠲᠦᠮᠡᠨ ᠢ᠋᠂ ᠥᠪᠡᠷᠢᠳᠬᠦ ᠮᠡᠲᠦᠰ ᠢ᠋ ᠥᠪᠡᠷᠢᠳᠦᠭᠡᠳ ᠲᠣᠭ᠎ᠠ ᠦᠭᠡᠢ ᠣᠯᠠᠨ ᠢ᠋ ᠡᠭᠦᠳᠡ ᠪᠦᠬᠦᠨ ᠳ᠋ᠦ᠍ ᠣᠷᠣᠭᠤᠯᠤᠭᠰᠠᠨ 》 《(ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠᠢ)᠂ ᠥᠪᠥᠷ ᠮᠣᠩᠭᠣᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠨᠣᠮ ᠤ᠋ᠨ ᠰᠠᠩ ᠤ᠋ᠨ ᠬᠠᠳᠠᠭᠠᠯᠠᠮᠵᠢ᠂ ᠬᠤᠯᠤᠰᠤᠨ ᠦᠵᠦᠭ ᠦ᠋ᠨ ᠬᠠᠭᠤᠯᠤᠮᠠᠯ 》 ᠭᠡᠵᠡᠢ᠃ ᠡᠨᠡ ᠮᠡᠲᠦ᠂ ᠤᠷᠢᠶᠠᠩᠬᠠᠨ ᠲᠦᠮᠡᠨ ᠪᠤᠰᠤᠳ ᠲᠠᠪᠤᠨ ᠲᠦᠮᠡᠨ ᠳ᠋ᠦ᠍ ᠬᠤᠪᠢᠶᠠᠭᠳᠠᠨ ᠣᠷᠣᠵᠠᠢ᠃ ᠣᠷᠢᠶᠠᠩᠬᠠᠨ ᠲᠦᠮᠡᠨ ᠦ᠌ ᠵᠠᠷᠤᠳ ᠣᠲᠣᠭ ᠬᠠᠯᠬ᠎ᠠ ᠲᠦᠮᠡᠨ ᠳ᠋ᠦ᠍ ᠬᠤᠪᠢᠶᠠᠭᠳᠠᠨ ᠣᠷᠣᠭᠰᠠᠨ ᠨᠢ ᠶᠠᠭ ᠡᠨᠡ ᠦᠶ᠎ᠡ ᠶ᠋ᠢᠨ ᠶᠠᠪᠤᠳᠠᠯ ᠪᠣᠯᠬᠤ ᠶᠣᠰᠣᠲᠠᠢ᠃

ᠳᠥᠷᠪᠡ
  ᠢᠩᠭᠢᠭᠡᠳ ᠦᠵᠡᠬᠦᠯᠡᠷ᠂ ᠵᠠᠷᠤᠳ ᠨᠢ ᠣᠷᠢᠶᠠᠩᠬᠠᠨ ᠲᠦᠮᠡᠨ ᠦ᠌ ᠨᠢᠭᠡᠨ ᠣᠲᠣᠭ ᠪᠠᠢᠭᠰᠠᠨ ᠶᠤᠮ᠃ ᠤᠷᠢᠶᠠᠩᠬᠠᠨ ᠢ᠋ ᠲᠠᠪᠤᠨ ᠲᠦᠮᠡ ᠬᠤᠪᠢᠶᠠᠨ ᠠᠪᠬᠤ ᠦᠶ᠎ᠡ ᠳ᠋ᠦ᠍᠂ 1544 ᠣᠨ ᠤ᠋ ᠣᠷᠴᠢᠮ ᠢ᠋ᠶ᠋ᠠᠷ ᠵᠠᠷᠤᠳ ᠣᠲᠣᠭ ᠨᠢ ᠬᠠᠯᠬ᠎ᠠ ᠲᠦᠮᠡᠨ ᠳ᠋ᠦ᠍ ᠬᠤᠪᠢᠶᠠᠭᠳᠠᠵᠤ᠂ ᠬᠠᠯᠬ᠎ᠠ ᠲᠦᠮᠡᠨ ᠦ᠌ ᠵᠡᠭᠦᠨ ᠭᠠᠷ ᠲᠤ᠌ ᠣᠷᠣᠭᠠᠳ᠂ ᠲᠠᠶᠠᠨ ᠬᠠᠭᠠᠨ ᠤ᠋ ᠬᠥᠪᠡᠭᠦᠨ ᠠᠯᠴᠤᠪᠤᠯᠣᠳ ᠤ᠋ᠨ ᠥᠮᠴᠢ ᠢᠷᠭᠡᠳ ᠪᠣᠯᠤᠭᠰᠠᠨ ᠪᠠᠢᠨ᠎ᠠ᠃ ᠡᠭᠦᠨ ᠡᠴᠡ ᠳᠡᠮᠡᠢ ᠤᠳᠠᠯ ᠦᠭᠡᠢ᠂ ᠬᠠᠯᠬ᠎ᠠ ᠲᠦᠮᠡᠨ ᠦ᠌ ᠵᠡᠭᠦᠨ ᠭᠠᠷ ᠨᠢ ᠠᠯᠴᠤᠪᠤᠯᠣᠳ ᠤ᠋ᠨ ᠭᠠᠭᠴᠠ ᠬᠥᠪᠡᠭᠦᠨ ᠬᠤᠷᠠᠭᠴᠢ ᠬᠠᠰᠠᠷ ᠨᠣᠶᠠᠨ ᠤ᠋ ᠳᠠᠭᠠᠭᠤᠯᠭ᠎ᠠ ᠪᠠᠷ ᠶᠡᠬᠡ ᠬᠠᠭᠠᠨ ᠲᠡᠷᠠᠢᠰᠤᠨ ᠬᠦᠳᠡᠩ ᠢ᠋ ᠳᠠᠭᠠᠵᠤ ᠬᠢᠩᠭᠠᠨ ᠳᠠᠪᠠᠭᠠᠨ ᠤ᠋ ᠦᠯᠭᠡ ᠳ᠋ᠦ᠍ ᠨᠡᠭᠦᠵᠦ ᠢᠷᠡᠵᠡᠢ᠃ ᠲᠡᠳᠡ ᠨᠠᠷ ᠦᠯᠭᠡ ᠲᠦᠮᠡᠨ ᠦ᠌ ᠵᠠᠷᠢᠮ ᠣᠲᠣᠭ ᠢᠷᠭᠡᠳ ᠢ᠋ ᠡᠵᠡᠯᠡᠨ ᠠᠪᠴᠤ ᠡᠷᠬᠡᠰᠢᠶᠡᠯ ᠳ᠋ᠦ᠍ ᠪᠡᠨ ᠣᠷᠣᠭᠤᠯᠤᠭᠠᠳ ᠤᠯᠠᠮ ᠬᠦᠴᠦᠵᠢᠨ ᠲᠣᠮᠣᠷᠠᠵᠠᠢ᠃ ᠰᠡᠭᠦᠯᠡᠷ ᠨᠢ ᠬᠤᠷᠬᠠᠴᠢ ᠨᠣᠶᠠᠨ ᠨᠠᠰᠤ ᠪᠠᠷᠠᠬᠤ ᠦᠶ᠎ᠡ ᠳ᠋ᠦ᠍᠂ ᠦᠯᠭᠡ ᠶ᠋ᠢᠨ ᠬᠠᠯᠬ᠎ᠠ ᠶ᠋ᠢᠨ ᠢᠷᠭᠡᠳ ᠢ᠋ᠶ᠋ᠡᠨ ᠲᠠᠪᠤᠨ ᠬᠥᠪᠡᠭᠦᠳ ᠲᠦ᠍ ᠪᠡᠨ ᠬᠤᠪᠢᠶᠠᠨ ᠥᠮᠴᠢᠯᠡᠭᠦᠯᠦᠭᠰᠡᠨ ᠳ᠋ᠦ᠍᠂ ᠥᠯᠭᠡ ᠶ᠋ᠢᠨ ᠬᠠᠯᠬ᠎ᠠ ᠨᠢ ᠲᠠᠪᠤᠨ ᠬᠠᠯᠬ᠎ᠠ ᠪᠣᠯᠤᠨ ᠪᠦᠷᠢᠯᠳᠦᠵᠡᠢ᠃ ᠡᠨᠡ ᠪᠣᠯ ᠰᠠᠶᠢ 《ᠥᠪᠥᠷ ᠲᠠᠪᠤᠨ ᠬᠠᠯᠬ᠎ᠠ》 ᠶ᠋ᠢᠨ ᠡᠭᠦᠰᠦᠯ ᠶᠦ᠍ᠮ᠃ ᠶᠡᠬᠡ ᠬᠠᠯᠬ᠎ᠠ ᠲᠦᠮᠡᠨ ᠦ᠌ ᠪᠠᠷᠠᠭᠤᠨ ᠭᠠᠷ ᠤ᠋ᠨ ᠲᠦᠷᠦᠭᠦᠦ ᠬᠡᠷᠡᠠᠰᠠᠨᠵᠠ ᠬᠣᠩ ᠲᠠᠢᠵᠢ ᠶ᠋ᠢ 《ᠵᠠᠯᠠᠢᠷ ᠬᠣᠩ ᠲᠠᠢᠵᠢ 》 ᠭᠡᠵᠦ᠂ ᠵᠡᠭᠦᠨ ᠭᠠᠷ ᠤ᠋ᠨ ᠲᠦᠷᠦᠭᠦᠦ ᠬᠤᠷᠬᠠᠴᠢ ᠬᠠᠰᠠᠷ ᠨᠣᠶᠠᠨ ᠢ᠋ 《ᠵᠠᠷᠤᠳ ᠬᠤᠷᠬᠠᠴᠢ ᠨᠣᠶᠠᠨ 》 ᠭᠡᠳᠡᠭ ᠶᠦ᠍ᠮ᠃ ᠡᠨᠡ ᠨᠢ ᠪᠠᠷᠠᠭᠤᠨ ᠭᠠᠷ ᠤ᠋ᠨ ᠬᠠᠮᠤᠭ ᠲᠣᠮᠣ ᠣᠲᠣᠭ ᠪᠣᠯ ᠵᠠᠯᠠᠢᠷ᠂ ᠵᠡᠭᠦᠨ ᠭᠠᠷ ᠤ᠋ᠨ ᠬᠠᠮᠤᠭ ᠲᠣᠮᠣ ᠣᠲᠣᠭ ᠨᠢ ᠵᠠᠷᠤᠳ ᠪᠠᠢᠭᠰᠠᠨ ᠢ᠋ ᠦᠵᠡᠭᠦᠯᠵᠡᠢ᠃ ᠣᠯᠠᠨ ᠤ᠋ ᠮᠡᠳᠡᠭᠡᠵᠢ ᠪᠡᠷ᠂ ᠵᠠᠯᠠᠢᠷ ᠪᠣᠯ ᠴᠢᠩᠭᠢᠰ ᠬᠠᠭᠠᠨ ᠤ᠋ ᠨᠢᠭᠡᠳᠦᠭᠡᠷ ᠶᠡᠬᠡ ᠭᠠᠪᠢᠶᠠᠲᠤ ᠲᠦᠰᠢᠮᠡᠯ ᠬᠦᠢ ᠣᠩ ᠮᠤᠬᠤᠯᠢ ᠶ᠋ᠢᠨ ᠦᠷᠡᠳᠦᠰ ᠦ᠋ᠨ ᠠᠢᠮᠠᠭ᠂ ᠶᠤᠸᠠᠨ ᠤᠯᠤᠰ ᠤ᠋ᠨ ᠦᠶ᠎ᠡ ᠶ᠋ᠢᠨ ᠵᠡᠭᠦᠨ ᠭᠠᠷ ᠤ᠋ᠨ ᠲᠠᠪᠤᠨ ᠠᠢᠮᠠᠭ ᠤ᠋ᠨ ᠠᠬᠠᠯᠠᠬᠤ ᠠᠢᠮᠠᠭ᠂ ᠲᠡᠷᠡ ᠨᠢ ᠬᠣᠵᠢᠮ ᠤ᠋ᠨ ᠬᠠᠯᠬ᠎ᠠ ᠲᠦᠮᠡᠨ ᠦ᠌ ᠪᠠᠷᠠᠭᠤᠨ ᠭᠠᠷ ᠤ᠋ᠨ ᠳᠣᠯᠣᠭᠠᠨ ᠬᠠᠯᠬ᠎ᠠ ᠶ᠋ᠢᠨ ᠠᠬᠠᠯᠠᠬᠤ ᠣᠲᠣᠭ ᠪᠣᠯᠵᠤ᠂ ᠬᠡᠷᠡᠰᠠᠨᠵᠠ ᠶ᠋ᠢᠨ ᠤᠤᠭᠠᠨ ᠬᠥᠪᠡᠭᠦᠨ ᠦ᠌ ᠥᠮᠴᠢ ᠪᠣᠯᠵᠠᠢ᠃ ᠵᠠᠷᠤᠳ ᠨᠢ ᠴᠢᠩᠭᠢᠰ ᠬᠠᠭᠠᠨ ᠤ᠋ ᠳᠡᠷᠭᠡᠳᠡ ᠮᠤᠬᠤᠯᠢ ᠶ᠋ᠢ ᠯᠡ ᠳᠡᠳ᠋ᠯᠡᠭᠰᠡᠨ ᠵᠡᠭᠦᠨ ᠭᠠᠷ ᠤ᠋ᠨ ᠬᠣᠶᠠᠳᠤᠭᠠᠷ ᠶᠡᠬᠡ ᠨᠣᠶᠠᠨ ᠵᠡᠯᠮ᠎ᠡ ᠶ᠋ᠢᠨ ᠠᠢᠮᠠᠭ᠂ ᠬᠡᠳᠦᠢᠪᠡᠷ ᠪᠣᠳᠢ ᠬᠠᠭᠠᠨ ᠤ᠋ ᠦᠶ᠎ᠡ ᠳ᠋ᠦ᠍ ᠲᠠᠪᠤᠨ ᠲᠦᠮᠡᠨ ᠳ᠋ᠦ᠍ ᠲᠠᠯᠬᠢᠳᠠᠭᠰᠠᠨ ᠪᠣᠯᠪᠠᠴᠤ᠂ ᠤᠷᠢᠶᠠᠩᠬᠠᠨ ᠤ᠋ ᠨᠣᠶᠠᠨ ᠠᠢᠮᠠᠭ ᠤ᠋ᠨ ᠬᠠᠷᠢᠶ᠎ᠠ ᠪᠣᠯᠤᠭᠰᠠᠨ ᠵᠠᠷᠤᠳ ᠨᠢ ᠮᠥᠨ ᠯᠡ ᠬᠠᠯᠬ᠎ᠠ ᠵᠡᠭᠦᠨ ᠭᠠᠷ ᠤ᠋ᠨ ᠬᠠᠮᠤᠭ ᠲᠣᠮᠣ ᠣᠲᠣᠭ ᠪᠣᠯᠵᠠᠢ᠃ ᠲᠡᠢᠮᠦ ᠤᠴᠢᠷ ᠠ᠋ᠴᠠ᠂ ᠬᠤᠷᠠᠭᠴᠢ ᠨᠣᠶᠠᠨ ᠲᠠᠪᠤᠨ ᠬᠥᠪᠡᠭᠦᠨ ᠳ᠋ᠦ᠍ ᠪᠡᠨ ᠥᠮᠴᠢ ᠬᠤᠪᠢᠶᠠᠬᠤ ᠳ᠋ᠤ᠌ ᠵᠠᠷᠤᠳ ᠣᠲᠣᠭ ᠢ᠋ ᠤᠤᠭᠠᠨ ᠬᠥᠪᠡᠭᠦᠨ ᠤᠪᠠᠰᠢ ᠣᠢᠵᠠᠩ ᠳ᠋ᠤ᠌ ᠪᠠᠨ ᠦᠭᠭᠦᠭᠰᠡᠨ ᠪᠠᠢᠨ᠎ᠠ᠂ ᠡᠭᠦᠨ ᠡᠴᠡ ᠵᠠᠷᠤᠳ ᠨᠢ ᠥᠪᠥᠷ ᠲᠠᠪᠤᠨ ᠣᠲᠣᠭ ᠤ᠋ᠨ ᠠᠬᠠᠯᠠᠬᠤ ᠣᠲᠣᠭ ᠪᠣᠯᠵᠠᠢ᠃ ᠵᠠᠷᠤᠳ ᠤ᠋ᠨ ᠨᠤᠲᠤᠭ ᠤᠰᠤ ᠶ᠋ᠢ ᠬᠤᠷᠢᠶᠠᠩᠭᠤᠢ ᠥᠭᠦᠯᠡᠪᠡᠰᠦ᠂ ᠵᠠᠷᠤᠳ ᠨᠠᠷ ᠣᠷᠢᠶᠠᠩᠬᠠᠨ ᠤ᠋ ᠪᠦᠷᠢᠯᠳᠦᠬᠦᠨ ᠪᠣᠯᠤᠭᠰᠠᠨ ᠤ᠋ ᠬᠤᠪᠢ ᠳ᠋ᠤ᠌ ᠪᠣᠳᠣᠨᠴᠠᠷ ᠤ᠋ᠨ ᠦᠶ᠎ᠡ ᠡᠴᠡ ᠨᠠᠰᠢ ᠠᠷᠪᠠᠨ ᠵᠢᠷᠭᠤᠳᠤᠭᠠᠷ ᠵᠠᠭᠤᠨ ᠪᠣᠯᠲᠠᠯ᠎ᠠ ᠦᠶ᠎ᠡ ᠤᠯᠠᠷᠢᠨ ᠬᠡᠨᠲᠡᠢ ᠨᠢᠷᠤᠭᠤᠨ ᠤ᠋ ᠪᠤᠷᠬᠠᠨ ᠬᠠᠯᠳᠤᠨ ᠢ᠋ᠶ᠋ᠠᠷ ᠲᠥᠪ ᠪᠣᠯᠭᠠᠭᠰᠠᠨ ᠣᠷᠣᠨ ᠳ᠋ᠤ᠌ ᠠᠮᠢᠳᠤᠷᠠᠵᠤ᠂ ᠰᠡᠭᠦᠯᠳᠡᠵᠦ ᠢᠷᠡᠭᠡᠳ ᠬᠡᠨᠲᠡᠢ ᠨᠢᠷᠤᠭᠤᠨ ᠠ᠋ᠴᠠ ᠤᠨᠤᠨ ᠮᠥᠷᠡᠨ ᠦ᠌ ᠳᠤᠮᠳᠠ ᠬᠠᠪᠢ ᠬᠦᠷᠲᠡᠯ᠎ᠡ ᠲᠡᠯᠡᠵᠦ ᠥᠷᠭᠡᠵᠢᠵᠡᠢ᠃ (ᠵᠢᠭᠠᠴᠢᠲᠡᠢ ᠪᠤᠶᠠᠨᠳᠠᠯᠭᠡᠷ᠂ ᠮᠥᠨ ᠲᠡᠨᠳᠡ᠂47 ᠳ᠋ᠤᠭᠠᠷ ᠬᠠᠭᠤᠳᠠᠰᠤ )᠃ ᠠᠷᠪᠠᠨ ᠵᠢᠷᠭᠤᠳᠤᠭᠠᠷ ᠵᠠᠭᠤᠨ ᠤ᠋ ᠳᠤᠮᠳᠠ ᠣᠷᠴᠢᠮ ᠬᠠᠯᠬ᠎ᠠ ᠲᠦᠮᠡᠨ ᠳ᠋ᠦ᠍ ᠣᠷᠣᠭᠠᠳ ᠬᠠᠯᠬ᠎ᠠ ᠭᠣᠣᠯ ᠳᠠᠭᠠᠤ ᠬᠡᠰᠡᠭ ᠬᠤᠭᠤᠴᠠᠭ᠎ᠠ ᠪᠠᠢᠵᠤ᠂ ᠤᠳᠠᠯ ᠦᠭᠡᠢ ᠬᠢᠩᠭᠠᠨ ᠳᠠᠪᠠᠭᠠᠨ ᠤ᠋ ᠡᠮᠦᠨ᠎ᠡ ᠢᠷᠡᠵᠦ᠂ ᠵᠡᠭᠦᠨ ᠯᠢᠶᠣᠣ ᠾᠧᠦ ᠭᠣᠣᠯ ᠤ᠋ᠨ ᠬᠣᠢᠭᠤᠷ᠂ ᠵᠡᠭᠦᠨᠰᠢ ᠬᠣᠢᠭᠤᠷ ᠵᠤᠷᠴᠢᠤᠨ ᠲᠠᠢ᠂ ᠵᠡᠭᠦᠨ ᠬᠣᠢᠭᠤᠷ ᠢ᠋ᠶ᠋ᠠᠨ ᠬᠣᠷᠴᠢᠨ ᠲᠠᠢ᠂ ᠪᠠᠷᠠᠭᠤᠨ ᠡᠮᠦᠨᠡᠰᠢ ᠬᠣᠩᠭᠢᠷᠠᠳ ᠣᠲᠣᠭ ᠲᠠᠢ ᠲᠤᠰ ᠲᠤᠰ ᠵᠠᠬᠠᠯᠠᠵᠤ ᠪᠠᠢᠵᠠᠢ᠃ ᠠᠷᠪᠠᠨ ᠳᠣᠯᠣᠳᠤᠭᠠᠷ ᠵᠠᠭᠤᠨ ᠤ᠋ ᠡᠬᠢᠨ ᠦ᠌ ᠦᠶ᠎ᠡ ᠪᠡᠷ ᠭᠡᠨᠡᠳᠲᠡ ᠬᠦᠴᠦᠷᠬᠡᠭᠵᠢᠭᠰᠡᠨ ᠵᠦᠷᠴᠢᠨ ᠦ᠌ ᠠᠢᠰᠢᠨ ᠭᠦᠷᠦᠨ ᠮᠣᠩᠭᠣᠯ ᠠᠢᠮᠠᠭ ᠤ᠋ᠳ ᠢ᠋ ᠡᠵᠡᠩᠨᠡᠵᠦ ᠡᠬᠢᠯᠡᠭᠡᠳ᠂ ᠮᠣᠩᠭᠣᠯ ᠤ᠋ᠨ ᠶᠡᠬᠡ ᠬᠠᠭᠠᠨ ᠯᠢᠭᠳᠡᠨ ᠬᠤᠲᠤᠭᠲᠤ ᠲᠠᠢ ᠡᠰᠡᠷᠭᠦᠴᠡᠯᠳᠦᠪᠡ᠃ ᠯᠢᠭᠳᠡᠨ ᠬᠠᠭᠠᠨ ᠪᠠ ᠵᠦᠷᠴᠢᠨ ᠨᠠᠷ ᠥᠪᠥᠷ ᠲᠠᠪᠤᠨ ᠬᠠᠯᠬ᠎ᠠ ᠶ᠋ᠢ ᠰᠢᠷᠦᠭᠦᠨ ᠪᠤᠯᠢᠶᠠᠯᠳᠤᠵᠤ ᠪᠠᠢᠪᠠ᠃1626 ᠣᠨ ᠳ᠋ᠤ᠌᠂ ᠪᠠᠭᠠᠷᠢᠨ ᠵᠠᠷᠤᠳ ᠬᠣᠶᠠᠷ ᠠᠢᠮᠠᠭ ᠠᠢᠰᠢᠨ ᠭᠦᠷᠦᠨ ᠦ᠌ ᠴᠣᠬᠢᠯᠲᠠ ᠳ᠋ᠤ᠌ ᠤᠴᠠᠷᠠᠵᠤ᠂ ᠵᠠᠯᠭᠠᠭᠠᠳ ᠪᠠᠰᠠ ᠯᠢᠭᠳᠡᠨ ᠬᠠᠭᠠᠨ ᠤ᠋ ᠳᠠᠭᠠᠷᠢᠯᠲᠠ ᠳ᠋ᠤ᠌ ᠥᠷᠲᠥᠵᠦ᠂ ᠠᠷᠭ᠎ᠠ ᠪᠤᠰᠤ ᠨᠤᠨ ᠬᠣᠷᠴᠢᠨ ᠳ᠋ᠤ᠌ ᠣᠴᠢᠵᠤ ᠲᠦᠰᠢᠵᠡᠢ᠃ ᠭᠡᠪᠡᠴᠦ᠂ ᠲᠡᠳᠡ ᠨᠠᠷ ᠨᠤᠨ ᠬᠣᠷᠴᠢᠨ ᠤ᠋ ᠳᠠᠷᠤᠯᠠᠯ ᠭᠠᠳᠠᠭᠤᠷᠴᠢᠯᠠᠯ ᠢ᠋ ᠦᠵᠡᠵᠦ᠂ ᠬᠣᠷᠴᠢᠨ ᠳ᠋ᠤ᠌ ᠰᠢᠬᠠᠮᠳᠠᠭᠳᠠᠬᠤ ᠳ᠋ᠤ᠌ ᠪᠠᠨ1628 ᠣᠨ ᠳ᠋ᠤ᠌ ᠬᠣᠷᠴᠢᠨ ᠠ᠋ᠴᠠ ᠰᠠᠯᠵᠤ ᠵᠦᠷᠴᠢᠨ ᠦ᠌ ᠠᠢᠰᠢᠨ ᠭᠦᠷᠦᠨ ᠳ᠋ᠦ᠍ ᠳᠠᠭᠠᠷ᠎ᠠ ᠣᠷᠣᠪᠠ᠃ ᠲᠡᠳᠡ ᠠᠢᠰᠢᠨ ᠭᠦᠷᠦᠨ ᠦ᠌ ᠲᠡᠢᠨ ᠪᠠᠢᠯᠳᠤᠭᠠᠨ ᠳ᠋ᠤ᠌ ᠭᠠᠪᠢᠶ᠎ᠠ ᠲᠠᠢ ᠪᠣᠯᠬᠣᠷ᠂ 1636 ᠣᠨ ᠳ᠋ᠤ᠌ ᠲᠠᠢᠴᠢᠩ ᠭᠦᠷᠦᠨ ᠢ᠋ ᠪᠠᠢᠭᠤᠯᠬᠤ ᠦᠶ᠎ᠡ ᠳ᠋ᠦ᠍᠂ ᠨᠠᠢ᠍ᠮᠠᠨ ᠬᠤᠰᠢᠭᠤᠨ ᠳ᠋ᠤ᠌ ᠣᠷᠣᠭᠰᠠᠨ ᠵᠠᠷᠤᠳ ᠨᠠᠷ ᠠ᠋ᠴᠠ ᠪᠤᠰᠤᠳ ᠢ᠋ ᠨᠢ ᠬᠣᠶᠠᠷ ᠬᠣᠰᠢᠭᠤ ᠪᠣᠯᠭᠠᠨ ᠵᠣᠬᠢᠶᠠᠨ ᠪᠠᠢᠭᠤᠯᠵᠤ᠂ ᠲᠡᠳᠡᠨ ᠦ᠌ ᠠᠯᠪᠠᠲᠤ ᠢᠷᠭᠡᠳ ᠢ᠋ᠶ᠋ᠡᠨ ᠦᠶ᠎ᠡ ᠤᠯᠠᠷᠢᠨ ᠨᠣᠶᠠᠯᠠᠬᠤ ᠡᠷᠬᠡ ᠶ᠋ᠢ ᠨᠢ ᠦᠯᠡᠳᠡᠭᠡᠵᠦ᠂ ᠰᠢᠷ᠎ᠠ ᠮᠥᠷᠡᠨ ᠡᠴᠡ ᠬᠣᠢᠰᠢ ᠬᠤᠤᠯᠢᠨ ᠭᠣᠣᠯ ᠬᠦᠷᠬᠦ ᠭᠠᠵᠠᠷ ᠢ᠋ᠶ᠋ᠠᠷ ᠨᠤᠲᠤᠭ ᠵᠢᠭᠠᠵᠤ ᠰᠠᠭᠤᠯᠭᠠᠪᠠ᠃ ᠲᠡᠷᠡ ᠨᠢ ᠥᠪᠥᠷ ᠳᠥᠴᠢ ᠶᠢᠰᠦᠨ ᠬᠤᠰᠢᠭᠤᠨ ᠤ᠋ ᠵᠠᠷᠤᠳ ᠵᠡᠭᠦᠨ ᠪᠠᠷᠠᠭᠤᠨ ᠬᠣᠶᠠᠷ ᠭᠠᠷ ᠤ᠋ᠨ ᠬᠣᠰᠢᠭᠤ ᠪᠣᠯᠵᠠᠢ᠃ ᠬᠤᠷᠢᠶᠠᠩᠭᠤᠢᠯᠠᠪᠠᠯ᠂ ᠵᠠᠷᠤᠳ ᠪᠣᠯ ᠤᠷᠢᠶᠠᠩᠬᠠᠨ ᠭᠠᠷᠤᠯᠲᠠᠢ᠂ ᠬᠡᠨᠲᠡᠢ ᠨᠢᠷᠤᠭᠤ ᠤᠨᠤᠨ ᠭᠣᠣᠯ ᠤ᠋ᠨ ᠬᠣᠭᠣᠷᠣᠨᠳᠣ ᠨᠤᠲᠤᠭᠲᠠᠢ ᠤᠷᠢᠶᠠᠩᠬᠠᠨ ᠲᠦᠮᠡᠨ ᠳ᠋ᠦ᠍ ᠬᠠᠷᠢᠶᠠᠯᠠᠭᠳᠠᠬᠤ ᠠᠢᠮᠠᠭ ᠪᠠᠢᠭᠠᠳ ᠠᠷᠪᠠᠨ ᠵᠢᠷᠭᠤᠳᠤᠭᠠᠷ ᠵᠠᠭᠤᠨ ᠤ᠋ ᠳᠥᠴᠢᠭᠡᠳ ᠣᠨ ᠳ᠋ᠤ᠌ ᠬᠠᠯᠬ᠎ᠠ ᠲᠦᠮᠡᠨ ᠳ᠋ᠦ᠍ ᠳᠠᠭᠠᠭᠤᠯᠤᠭᠳᠠᠵᠠᠢ᠃ ᠠᠷᠪᠠᠨ ᠵᠢᠷᠭᠤᠳᠤᠭᠠᠷ ᠵᠠᠭᠤᠨ ᠤ᠋ ᠰᠡᠭᠦᠯ ᠦ᠋ᠨ ᠬᠠᠭᠠᠰ ᠲᠤ᠌ ᠬᠤᠷᠬᠠᠴᠢ ᠬᠠᠰᠠᠷ ᠨᠣᠶᠠᠨ ᠤ᠋ ᠠᠬᠠᠮᠠᠳ ᠬᠥᠪᠡᠭᠦᠨ ᠦ᠌ ᠥᠮᠴᠢ ᠳ᠋ᠦ᠍ ᠭᠠᠷᠴᠤ᠂ ᠥᠪᠥᠷ ᠲᠠᠪᠤᠨ ᠬᠠᠯᠬ᠎ᠠ ᠶ᠋ᠢᠨ ᠠᠬᠠᠯᠠᠬᠤ ᠣᠲᠣᠭ ᠪᠣᠯᠪᠠ᠃ ᠳᠠᠢᠴᠢᠩ ᠭᠦᠷᠦᠨ ᠦ᠌ ᠦᠶ᠎ᠡ ᠳ᠋ᠦ᠍ ᠴᠥᠭᠡᠨ ᠵᠠᠷᠤᠳ ᠨᠠᠷ ᠨᠠᠢ᠍ᠮᠠᠨ ᠬᠤᠰᠢᠭᠤᠨ ᠳ᠋ᠤ᠌ ᠣᠷᠣᠭᠰᠠᠨ ᠠ᠋ᠴᠠ ᠭᠠᠳᠠᠨ᠎ᠠ ᠪᠤᠰᠤᠳ ᠵᠠᠷᠤᠳ ᠨᠠᠷ ᠨᠢ ᠬᠣᠶᠠᠷ ᠵᠠᠰᠠᠭ ᠬᠤᠰᠢᠭᠤᠨ ᠳ᠋ᠤ᠌ ᠬᠤᠪᠢᠶᠠᠭᠳᠠᠨ ᠠᠮᠢᠳᠤᠷᠠᠵᠠᠢ᠃

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
   ᠬᠢᠨᠠᠭᠴᠢ᠄ ᠲᠦᠮᠡᠨᠴᠡᠴᠡᠭ  ᠠ᠊᠂ ᠰᠠᠷᠠᠨᠭᠡᠷᠡᠯ
   ᠳᠡᠯᠡᠬᠡᠢ ᠶ᠋ᠢᠨ ᠨᠣᠮ ᠤᠩᠰᠢᠬᠤ ᠡᠳᠦᠷ 2025.4.23 ᠡᠳᠦᠷ