ᠡᠪᠦᠭᠡᠨ ᠡᠮᠡᠭᠡᠨ ᠬᠣᠶᠠᠷӨвгөн эмгэн хоёр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠭᠡᠨ ᠡᠮᠡᠭᠡᠨ ᠬᠣᠶᠠᠷӨвгөн эмгэн хоёр

ᠡᠪᠦᠭᠡᠨ ᠡᠮᠡᠭᠡᠨ ᠬᠣᠶᠠᠷӨвгөн эмгэн хоёр

ᠠᠩᠭᠢᠯᠠᠯ:ᠳᠣᠮᠣᠭ ᠦᠯᠢᠭᠡᠷ
2025-04-25

3567

ᠡᠪᠦᠭᠡᠨ ᠡᠮᠡᠭᠡᠨ ᠬᠣᠶᠠᠷ

 ᠡᠷᠲᠡ ᠤᠷᠢᠳᠤ ᠴᠠᠭ ᠲᠤ᠌ ᠡᠮᠡᠭᠡᠨ ᠡᠪᠦᠭᠡᠨ ᠬᠣᠶᠠᠷ ᠤᠤᠭᠠᠯ ᠨᠤᠲᠤᠭ ᠲᠦ᠍ ᠪᠠᠨ ᠡᠪ ᠨᠠᠢᠷ ᠲᠠᠢ ᠰᠠᠢᠬᠠᠨ ᠠᠮᠢᠳᠤᠷᠠᠵᠤ ᠪᠠᠢᠵᠠᠢ᠃ ᠲᠡᠭᠡᠲᠡᠯ᠎ᠡ ᠬᠥᠮᠦᠨ ᠪᠠᠷᠢᠵᠤ ᠢᠳᠡᠳᠡᠭ ᠬᠦᠴᠦ ᠶᠡᠬᠡᠲᠦ ᠮᠢᠬᠠᠴᠢᠨ ᠡᠭᠦᠪᠡᠷ ᠲᠡᠭᠦᠪᠡᠷ ᠶᠠᠪᠤᠭᠠᠳ ᠠᠮᠤᠷ ᠵᠠᠶᠠᠭ᠎ᠠ ᠦᠵᠡᠭᠦᠯᠬᠦ ᠪᠡᠨ ᠪᠠᠢᠯ᠎ᠠ᠃ ᠠᠮᠢ ᠪᠠᠨ ᠪᠣᠳᠣᠬᠤ ᠮᠠᠨᠢ ᠭᠡᠳ ᠨᠤᠲᠤᠭ ᠤ᠋ᠨ ᠠᠢᠯ ᠤ᠋ᠳ ᠨᠢ ᠳᠦᠷᠪᠡᠵᠦ ᠨᠡᠭᠦᠭᠡᠳ ᠶᠠᠪᠤᠴᠢᠬᠠᠵᠠᠢ᠃ ᠡᠮᠡᠭᠡᠨ ᠡᠪᠦᠭᠡᠨ ᠬᠣᠶᠠᠷ ᠯᠠ ᠠᠴᠢᠯᠭ᠎ᠠ ᠣᠨᠣᠯᠭ᠎ᠠ ᠦᠭᠡᠢ ᠶ᠋ᠢᠨ ᠡᠷᠬᠡᠨ ᠳ᠋ᠦ᠍ ᠠᠷᠭ᠎ᠠ ᠦᠭᠡᠢ ᠬᠠᠷ᠎ᠠ ᠨᠤᠲᠤᠭ ᠰᠠᠬᠢᠭᠠᠳ ᠬᠣᠴᠣᠷᠤᠯ᠎ᠠ᠃ ᠲᠡᠭᠡᠭᠡᠳ ᠨᠢᠭᠡ ᠡᠳᠦᠷ ᠡᠪᠦᠭᠡᠨ ᠨᠢ ᠡᠮᠡᠭᠡᠨ ᠳ᠋ᠦ᠍ ᠪᠡᠨ ᠡᠢᠨ ᠬᠡᠯᠡᠪᠡᠢ᠃  
— ᠵᠠ ᠡᠮᠡᠭᠡᠨ ᠮᠢᠨᠢ᠂ ᠴᠢ ᠬᠡᠳᠦᠨ ᠢᠮᠠᠭᠠᠨ ᠤ᠋ ᠪᠠᠨ ᠰᠦ ᠪᠡᠷ ᠲᠠᠷᠠᠭ ᠪᠦᠷᠢᠭᠡᠳ ᠬᠤᠷᠢᠶᠠᠭᠠᠳ ᠪᠠᠢᠭᠠᠷᠠᠢ᠃ ᠨᠢᠭᠡ ᠯᠡ ᠡᠳᠦᠷ ᠪᠢᠳᠡ ᠬᠣᠶᠠᠷ ᠲᠤ᠌ ᠬᠡᠷᠡᠭ ᠪᠣᠯᠤᠨ᠎ᠠ ᠰᠢᠦ ᠭᠡᠵᠦ ᠭᠡᠨ᠎ᠡ᠃  ᠡᠮᠡᠭᠡᠨ ᠴᠦ᠍ ᠬᠡᠳᠦᠨ ᠢᠮᠠᠭ᠎ᠠ ᠪᠠᠨ ᠰᠠᠭᠠᠭᠠᠳ ᠲᠠᠷᠠᠭ ᠪᠦᠷᠢᠭᠡᠳ ᠬᠤᠷᠢᠶᠠᠭᠠᠳ ᠯᠠ ᠪᠠᠢᠵᠠᠢ᠂ ᠬᠤᠷᠢᠶᠠᠭᠠᠳ ᠯᠠ ᠪᠠᠢᠵᠠᠢ᠃ ᠡᠪᠦᠭᠡᠨ ᠨᠢᠭᠡ ᠥᠷᠯᠥᠭᠡ ᠲᠡᠷᠡ ᠲᠠᠷᠠᠭ ᠢ᠋ ᠨᠢ ᠭᠤᠷᠪᠠᠨ ᠭᠦᠵᠡᠭᠡᠨ ᠳ᠋ᠦ᠍ ᠬᠢᠭᠡᠳ ᠠᠪᠤᠭᠠᠳ ᠶᠠᠪᠤᠵᠤ ᠭᠡᠨ᠎ᠡ᠂ ᠶᠠᠪᠤᠵᠤ ᠶᠠᠪᠤᠵᠤ ᠡᠵᠡᠭᠦᠢ ᠪᠣᠢᠳᠠ ᠭᠠᠵᠠᠷ ᠣᠴᠢᠭᠠᠳ ᠪᠤᠯᠠᠵᠤ ᠣᠷᠬᠢᠪᠠ᠃  ᠲᠡᠭᠡᠵᠦ ᠪᠠᠢᠲᠠᠯ᠎ᠠ ᠨᠥᠭᠦᠭᠡ ᠠᠶᠤᠮᠰᠢᠭᠲᠤ ᠮᠢᠬᠠᠴᠢᠨ ᠭᠡᠷ ᠦ᠋ᠨ ᠬᠢᠨᠢ ᠭᠠᠳᠠᠭ᠎ᠠ ᠢᠷᠡᠭᠡᠳ ᠲᠣᠭᠣᠭ᠎ᠠ ᠬᠠᠩ ᠬᠢᠲᠡᠯ᠎ᠡ᠂ ᠳᠣᠲᠣᠷ᠎ᠠ ᠫᠠᠯ ᠬᠢᠲᠡᠯ᠎ᠡ ᠬᠠᠰᠬᠢᠷᠴᠤ ᠭᠣᠭᠣᠴᠢᠯᠠᠵᠤ ᠭᠠᠷᠴᠠᠢ᠃ ᠡᠪᠦᠭᠡᠨ ᠴᠦ᠍ ᠭᠡᠷ ᠡᠴᠡ ᠪᠡᠨ ᠭᠠᠷᠴᠤ ᠢᠷᠡᠭᠡᠳ ᠠᠶᠤᠵᠤ ᠡᠮᠢᠶᠡᠭᠰᠡᠨ ᠰᠢᠨᠵᠢ ᠦᠭᠡᠢ ᠵᠣᠭᠰᠣᠵᠤ ᠪᠠᠢᠭᠰᠠᠨ ᠢ᠋ᠶ᠋ᠠᠨ᠂
 — ᠮᠠᠭᠤ ᠬᠥᠮᠦᠨ ᠦ᠌ ᠳᠠᠭᠤ ᠶᠡᠬᠡ ᠭᠡᠳᠡᠭ ᠪᠢᠯᠡ ᠤᠤ᠂ ᠳᠡᠭᠦᠦ ᠲᠡᠢ ᠶᠡᠷᠦ ᠨᠢ ᠨᠢᠭᠡ ᠪᠢᠷ᠎ᠠ ᠪᠠᠨ ᠦᠵᠡᠶ᠎ᠡ ᠪᠠᠢᠵᠠ ᠭᠡᠵᠦ ᠭᠡᠨ᠎ᠡ᠃ ᠨᠥᠭᠦᠭᠡ ᠮᠢᠬᠠᠴᠢᠨ ᠡᠪᠦᠭᠡᠨ ᠢ᠋ ᠰᠣᠨᠵᠢᠩᠭᠦᠢ ᠬᠠᠷᠠᠵᠤ ᠪᠠᠢᠭᠰᠠᠨ ᠢ᠋ᠶ᠋ᠠᠨ᠂  
— ᠶᠠᠭᠠᠬᠢᠵᠤ ᠦᠵᠡᠬᠦ ᠶᠦᠮ ᠭᠡᠵᠦ ᠠᠰᠠᠭᠤᠪᠠᠢ᠃
 — ᠭᠠᠵᠠᠷ ᠤ᠋ᠨ ᠪᠡᠲᠡᠭᠢ ᠶ᠋ᠢ ᠬᠠᠭ᠎ᠠ ᠳᠡᠯᠡᠰᠦᠭᠰᠡᠨ ᠨᠢ ᠨᠥᠭᠦᠭᠡ ᠪᠡᠨ ᠪᠠᠷᠢᠵᠤ ᠢᠳᠡᠰᠦᠭᠡᠢ ᠭᠡᠵᠦ ᠡᠪᠦᠭᠡᠨ ᠬᠡᠯᠡᠬᠦᠯ᠎ᠡ᠂ ᠡᠨᠡ ᠡᠪᠦᠭᠡᠨ ᠨᠠᠮ᠎ᠠ ᠶ᠋ᠢ ᠪᠠᠷᠢᠵᠤ ᠢᠳᠡᠲᠡᠯ᠎ᠡ ᠴᠦ᠍ ᠡᠳᠦᠢ ᠪᠢᠵᠡ ᠭᠡᠵᠦ ᠮᠢᠬᠠᠴᠢᠨ ᠶᠡᠬᠡ ᠶᠠᠭᠤᠮ᠎ᠠ ᠪᠣᠳᠣᠭᠠᠳ᠂ 
— ᠴᠢ ᠡᠬᠢᠯᠡᠭᠡᠳ ᠭᠠᠵᠠᠷ ᠤ᠋ᠨ ᠪᠡᠲᠡᠭᠢ ᠶ᠋ᠢ ᠬᠠᠭ᠎ᠠ ᠳᠡᠯᠡᠰᠦᠭᠡᠳ ᠣᠷᠭᠢ᠂ ᠶᠠᠭᠤᠨ ᠤ᠋ ᠲᠥᠯᠥᠭᠡ ᠳᠡᠭᠦᠦ ᠪᠢᠯᠡ᠂ ᠶᠠᠭᠤᠨ ᠤ᠋ ᠲᠥᠯᠥᠭᠡ ᠳᠠᠭᠤ ᠶᠡᠬᠡ ᠲᠡᠢ ᠪᠢᠯᠡ ᠭᠡᠵᠡᠢ᠃ ᠮᠢᠬᠠᠴᠢᠨ ᠤᠴᠢᠷ ᠵᠦᠭ ᠦᠭᠡᠢ ᠭᠠᠵᠠᠷ ᠳᠡᠯᠡᠳᠦᠭᠰᠡᠨ ᠴᠦ᠍ ᠭᠠᠷ ᠢ᠋ᠶ᠋ᠠᠨ ᠡᠪᠡᠳᠬᠡᠭᠰᠡᠨ ᠡᠴᠡ ᠬᠡᠲᠦᠷᠡᠭᠰᠡᠨ ᠦᠭᠡᠢ᠂ ᠰᠡᠭᠦᠯ ᠳ᠋ᠦ᠍ ᠪᠡᠨ ᠲᠠᠮᠢᠷ ᠨᠢ ᠲᠠᠰᠤᠷᠠᠵᠤ ᠡᠪᠦᠭᠡᠨ ᠢ᠋ ᠮᠠᠭᠤᠬᠠᠢ ᠬᠠᠷᠠᠭᠰᠠᠨ ᠢ᠋ᠶ᠋ᠠᠨ᠂ 
— ᠵᠠ ᠣᠳᠣ ᠴᠢ ᠳᠠᠯᠠᠳ ᠭᠡᠵᠦ ᠬᠡᠯᠡᠯ᠎ᠡ᠃ ᠲᠡᠭᠡᠬᠦ ᠪᠡᠷ ᠨᠢ ᠡᠪᠦᠭᠡᠨ ᠭᠠᠵᠠᠷ ᠲᠤ᠌ ᠪᠤᠯᠠᠭᠰᠠᠨ ᠨᠢᠭᠡ ᠭᠦᠵᠡᠭᠡ ᠤᠷᠤᠭᠤ ᠪᠠᠨ ᠳᠡᠯᠡᠰᠴᠦ ᠲᠠᠷᠠᠭ ᠢ᠋ᠶ᠋ᠠᠨ ᠣᠷᠭᠢᠯᠤᠭᠤᠯᠵᠤ ᠣᠷᠬᠢᠭᠠᠳ ᠮᠢᠬᠠᠴᠢᠨ ᠲᠠᠢ ᠬᠤᠪᠢᠶᠠᠵᠤ ᠤᠤᠭᠤᠪᠠ᠃ ᠳᠠᠷᠠᠭ᠎ᠠ ᠨᠢ ᠨᠥᠭᠦᠭᠡ ᠮᠢᠬᠠᠴᠢᠨ ᠳᠠᠬᠢᠭᠠᠳ ᠭᠠᠵᠠᠷ ᠳᠡᠯᠡᠳᠦᠭᠰᠡᠨ ᠴᠦ᠍ ᠪᠠᠰᠠ ᠯᠠ ᠭᠠᠷ ᠢ᠋ᠶ᠋ᠠᠨ ᠡᠪᠡᠳᠬᠡᠭᠰᠡᠨ ᠡᠴᠡ ᠬᠡᠲᠦᠷᠡᠭᠰᠡᠨ ᠦᠭᠡᠢ᠃ ᠠᠭᠤᠷ ᠲᠦ᠍ ᠪᠠᠨ ᠲᠠᠯ᠎ᠠ ᠬᠥᠨᠳᠡᠢ ᠪᠡᠷ ᠨᠢᠭᠡ ᠪᠠᠷᠬᠢᠷᠠᠬᠤ ᠳ᠋ᠤ᠌ ᠭᠠᠵᠠᠷ ᠳᠣᠷᠭᠢᠵᠤ ᠤᠰᠤ ᠴᠠᠯᠭᠢᠵᠤ ᠭᠡᠨ᠎ᠡ᠃ ᠲᠡᠭᠡᠩᠭᠦᠲᠡ ᠡᠪᠦᠭᠡᠨ ᠳᠠᠬᠢᠭᠠᠳ ᠨᠢᠭᠡ ᠲᠠᠷᠠᠭ ᠢ᠋ᠶ᠋ᠠᠨ ᠬᠠᠭ᠎ᠠ ᠳᠡᠯᠡᠳᠴᠦ ᠮᠢᠬᠠᠴᠢᠨ ᠲᠠᠢ ᠬᠤᠪᠢᠶᠠᠵᠤ ᠤᠤᠭᠤᠪᠠ᠃ ᠮᠢᠬᠠᠴᠢᠨ ᠲᠠᠷᠠᠭ ᠵᠠᠯᠭᠢᠯᠠᠵᠤ ᠪᠠᠢᠭᠰᠠᠨ ᠢ᠋ᠶ᠋ᠠᠨ ᠡᠨᠡ ᠮᠠᠭᠤ ᠡᠪᠦᠭᠡᠨ ᠳ᠋ᠦ᠍ ᠢᠩᠭᠢᠵᠦ ᠳᠡᠢᠯᠦᠭᠳᠡᠬᠦ ᠭᠡᠵᠦ ᠪᠣᠳᠣᠬᠤ ᠠ᠋ᠴᠠ ᠳᠣᠲᠣᠷ᠎ᠠ ᠨᠢ ᠬᠣᠷᠣᠰᠤᠨ ᠶᠡᠬᠡ ᠳᠠᠭᠤ ᠪᠠᠷ ᠪᠠᠷᠬᠢᠷᠠᠭᠰᠠᠨ ᠢ᠋ᠶ᠋ᠠᠨ᠂ 
— ᠡᠪᠦᠭᠡᠨ᠂ ᠲᠡᠷᠡ ᠪᠡᠲᠡᠭᠢ ᠪᠡᠨ ᠣᠳᠣᠬᠠᠨ ᠨᠠᠳᠠ ᠳ᠋ᠤ᠌ ᠵᠢᠭᠠᠭᠠᠳ ᠠᠯᠢ ᠭᠡᠵᠦ ᠭᠡᠨ᠎ᠡ᠃ ᠡᠪᠦᠭᠡᠨ ᠰᠡᠭᠦᠯᠴᠢ ᠶ᠋ᠢᠨ ᠭᠦᠵᠡᠭᠡ ᠲᠡᠢ ᠲᠠᠷᠠᠭ ᠢ᠋ᠶ᠋ᠠᠨ ᠪᠤᠯᠠᠭᠰᠠᠨ ᠭᠠᠵᠠᠷ ᠢ᠋ᠶ᠋ᠠᠨ ᠵᠢᠭᠠᠲᠠᠯ᠎ᠠ ᠮᠢᠬᠠᠴᠢᠨ ᠭᠠᠭᠴᠠ ᠳᠡᠯᠡᠰᠦᠭᠡᠳ ᠲᠠᠷᠠᠭ ᠢ᠋ ᠲᠠᠯ᠎ᠠ ᠪᠠᠷ ᠨᠢᠭᠡ ᠣᠷᠭᠢᠯᠤᠭᠤᠯᠵᠤ ᠣᠷᠬᠢᠪᠠ᠃ ᠲᠡᠭᠡᠭᠡᠳ ᠡᠪᠦᠭᠡᠨ ᠡᠴᠡ ᠤᠷᠢᠲᠠᠭᠠᠳ ᠤᠬᠤᠰᠬᠢᠭᠡᠳ ᠵᠠᠯᠭᠢᠯᠠᠵᠤ ᠭᠠᠷᠲᠠᠯ᠎ᠠ ᠬᠣᠣᠷ ᠲᠠᠢ ᠲᠠᠷᠠᠭ ᠪᠠᠢᠭᠰᠠᠨ ᠶᠤᠮᠰᠠᠨᠵᠠᠢ᠂ ᠬᠣᠭᠣᠯᠠᠢ ᠨᠢ ᠬᠤᠷᠴᠢᠭᠢᠨᠠᠨ ᠲᠡᠷᠡᠢᠵᠦ ᠣᠢᠴᠢᠭᠠᠳ ᠲᠡᠢᠴᠢᠭᠢᠨᠡᠵᠦ ᠪᠠᠢᠭᠰᠠᠨ ᠢ᠋ᠶ᠋ᠠᠨ ᠠᠮᠢ ᠲᠠᠯᠪᠢᠵᠠᠢ᠃ ᠮᠢᠬᠠᠴᠢᠨ ᠢ᠋ ᠳᠠᠷᠤᠵᠤ ᠨᠤᠲᠤᠭ ᠣᠷᠣᠨ ᠢ᠋ᠶ᠋ᠠᠨ ᠠᠮᠤᠭᠤᠯᠠᠩ ᠪᠣᠯᠭᠠᠭᠰᠠᠨ ᠡᠪᠦᠭᠡᠨ ᠴᠦ᠍ ᠭᠡᠷ ᠲᠦ᠍ ᠪᠡᠨ ᠬᠠᠷᠢᠵᠤ᠂ ᠡᠮᠡᠭᠡᠨ ᠲᠡᠢ ᠪᠡᠨ ᠠᠶᠤᠬᠤ ᠠᠶᠤᠯ ᠦᠭᠡᠢ ᠠᠮᠤᠷ ᠰᠠᠢᠬᠠᠨ ᠳ᠋ᠤ᠌ ᠪᠠᠨ ᠵᠢᠷᠭᠠᠭᠰᠠᠨ ᠭᠡᠨ᠎ᠡ᠃       

  ᠦᠰᠦᠭ ᠠᠮᠢᠯᠠᠭᠤᠯᠤᠭᠴᠢ᠄ ᠠᠯᠲᠠᠨᠴᠢᠮᠡᠭ 
  ᠬᠢᠨᠠᠭᠴᠢ᠄ ᠠᠰᠬ᠎ᠠ       
  ᠤᠩᠰᠢᠭᠰᠠᠨ ᠨᠢ᠄ ᠰᠠᠷᠠᠨᠭᠡᠷᠡᠯ