ᠲᠠᠬᠢᠶ᠎ᠠ ᠶᠠᠭᠠᠬᠢᠭᠠᠳ ᠦᠤᠷ ᠴᠦᠤᠷ ᠢ᠋ᠶ᠋ᠠᠷ ᠳᠣᠩᠭᠣᠳᠳᠠᠭ ᠪᠣᠯᠤᠭᠰᠠᠨ ᠪᠣᠢТахиа яагаад үүр чүүрээр донгоддог болсон бэ
ᠲᠠᠬᠢᠶ᠎ᠠ ᠶᠠᠭᠠᠬᠢᠭᠠᠳ ᠦᠤᠷ ᠴᠦᠤᠷ ᠢ᠋ᠶ᠋ᠠᠷ ᠳᠣᠩᠭᠣᠳᠳᠠᠭ ᠪᠣᠯᠤᠭᠰᠠᠨ ᠪᠣᠢ
ᠡᠷᠲᠡ ᠤᠷᠢᠳᠤ ᠴᠠᠭ ᠲᠤ᠌ ᠤᠯᠠᠭᠠᠨ ᠵᠠᠯᠠᠭᠠᠲᠤ ᠲᠠᠬᠢᠶ᠎ᠠ ᠮᠣᠷᠢ ᠲᠠᠢ ᠬᠥᠮᠦᠨ ᠪᠠᠭᠤᠵᠤ ᠬᠠᠷᠠᠮᠠᠷ᠂ ᠶᠠᠪᠠᠭᠠᠨ ᠬᠥᠮᠦᠨ ᠰᠠᠭᠤᠵᠤ ᠬᠠᠷᠠᠮᠠᠷ ᠤᠷᠲᠤ ᠰᠠᠢᠬᠠᠨ ᠰᠡᠭᠦᠯ ᠲᠡᠢ ᠦᠵᠡᠰᠬᠦᠯᠡᠩ ᠲᠡᠭᠦᠯᠳᠡᠷ ᠰᠢᠪᠠᠭᠤ ᠪᠠᠢᠵᠠᠢ᠃ ᠰᠡᠭᠦᠯ ᠦ᠋ᠨ ᠬᠢ ᠨᠢ ᠰᠠᠢᠬᠠᠨ ᠢ᠋ ᠶᠠᠭᠠᠬᠢᠨ᠎ᠠ᠂ ᠳᠣᠯᠣᠭᠠᠨ ᠥᠩᠭᠡ ᠪᠡᠷ ᠰᠣᠯᠣᠩᠭᠠᠷᠠᠨ ᠭᠢᠯᠠᠯᠵᠠᠬᠤ ᠠᠭᠠᠳ ᠳᠡᠭᠡᠷ᠎ᠡ ᠪᠡᠨ ᠲᠣᠮᠣ ᠭᠡᠭᠴᠢ ᠶ᠋ᠢᠨ ᠨᠢᠳᠦ ᠲᠡᠢ᠃
ᠭᠡᠲᠡᠯ᠎ᠡ ᠲᠣᠭᠣᠰ ᠰᠢᠪᠠᠭᠤ ᠲᠠᠬᠢᠶ᠎ᠠ ᠶ᠋ᠢ ᠬᠠᠷᠠᠭᠠᠳ ᠥᠩᠭᠡᠲᠦ ᠭᠣᠶᠣ ᠰᠡᠭᠦᠯ ᠳ᠋ᠦ᠍ ᠨᠢ ᠤᠨᠠᠵᠤ᠂ ᠲᠣᠭᠲᠠᠵᠤ ᠰᠠᠭᠤᠬᠤ ᠶ᠋ᠢᠨ ᠠᠷᠭ᠎ᠠ ᠦᠭᠡᠢ ᠠᠲᠠᠭ᠎ᠠ ᠬᠣᠷᠣᠰᠣᠯ ᠳ᠋ᠤ᠌ ᠠᠪᠲᠠᠵᠠᠢ᠃ ᠠᠯᠠᠭ ᠨᠢᠳᠦ ᠨᠢ ᠡᠷᠭᠢᠯᠳᠦᠨ ᠠᠯᠢᠪᠠ ᠪᠦᠬᠦᠨ ᠢ᠋ᠶ᠋ᠡᠨ ᠮᠠᠷᠲᠠᠵᠤ᠂ ᠭᠠᠭᠴᠠ ᠲᠠᠬᠢᠶᠠᠨ ᠤ᠋ ᠰᠡᠭᠦᠯ ᠦ᠋ᠨ ᠲᠤᠬᠠᠢ ᠪᠣᠳᠣᠭᠰᠠᠭᠠᠷ ᠠᠪᠠᠢ᠂ ᠰᠡᠭᠦᠯ ᠳ᠋ᠦ᠍ ᠪᠡᠨ ᠶᠠᠭᠠᠬᠢᠵᠤ ᠥᠪᠡᠷ ᠦ᠋ᠨ ᠪᠣᠯᠭᠠᠬᠤ ᠪᠣᠢ ᠭᠡᠮᠡᠨ ᠥᠨᠵᠢᠨ ᠬᠣᠨᠣᠨ ᠪᠣᠳᠣᠵᠤ ᠥᠭᠡᠳᠡ ᠦᠭᠡᠢ ᠵᠠᠯᠢᠲᠤ ᠠᠷᠭ᠎ᠠ ᠰᠡᠳᠦᠵᠡᠢ᠃ ᠲᠡᠭᠡᠭᠡᠳ ᠨᠢᠭᠡ ᠡᠳᠦᠷ ᠲᠡᠭᠦᠨ ᠳᠡᠭᠡᠷ᠎ᠡ ᠣᠴᠢᠵᠤ᠄
— ᠵᠠ᠂ ᠲᠠᠬᠢᠶ᠎ᠠ ᠨᠠᠢᠵᠠ ᠮᠢᠨᠢ᠂ ᠡᠨᠡ ᠦᠳᠡᠰᠢ ᠶ᠋ᠢᠨ ᠬᠤᠷᠢᠮ ᠳ᠋ᠤ᠌ ᠡᠨᠡ ᠰᠠᠢᠬᠠᠨ ᠰᠡᠭᠦᠯ ᠢ᠋ᠶ᠋ᠡᠷ ᠴᠢᠨᠢ ᠭᠣᠶᠣᠯᠠᠴᠢᠬᠠᠭᠠᠳ ᠡᠷᠲᠡ ᠦᠤᠷ ᠢ᠋ᠶ᠋ᠠᠷ ᠬᠠᠮᠤᠭ ᠠᠮᠢᠲᠠᠨ ᠨᠣᠢᠷᠰᠤᠵᠤ ᠪᠠᠢᠬᠤ ᠳ᠋ᠤ᠌ ᠬᠠᠷ᠎ᠠ ᠬᠤᠷᠳᠤ ᠪᠠᠷ ᠢ᠋ᠶ᠋ᠠᠨ ᠭᠦᠶᠦᠭᠰᠡᠭᠡᠷ ᠠᠪᠴᠢᠷᠠᠵᠤ ᠥᠭᠭᠦᠶ᠎ᠡ ᠭᠡᠳ ᠭᠤᠶᠤᠵᠤ ᠭᠤᠪᠰᠢᠵᠤ ᠭᠠᠷᠴᠠᠢ᠂ ᠲᠠᠬᠢᠶ᠎ᠠ ᠨᠢᠭᠡ ᠶᠡᠬᠡ ᠴᠠᠭᠠᠷᠠᠭᠤᠯᠵᠤ ᠰᠦᠢᠳ ᠪᠣᠯᠤᠭᠰᠠᠨ ᠦᠭᠡᠢ᠂ ᠰᠡᠭᠦᠯ ᠢ᠋ᠶ᠋ᠡᠨ ᠥᠭᠭᠦᠭᠡᠳ ᠶᠠᠪᠤᠭᠤᠯᠴᠢᠬᠠᠵᠠᠢ᠂ ᠭᠡᠲᠡᠯ᠎ᠡ ᠪᠠᠰᠢᠷ ᠰᠠᠨᠠᠭᠠᠲᠤ ᠲᠣᠭᠣᠰ ᠮᠠᠷᠭᠠᠰᠢ ᠨᠢ ᠦᠤᠷ ᠢ᠋ᠶ᠋ᠠᠷ ᠴᠤ᠌ ᠢᠷᠡᠭᠰᠡᠨ ᠦᠭᠡᠢ᠂ ᠦᠳᠡᠰᠢ ᠴᠦ᠍ ᠢᠷᠡᠭᠰᠡᠨ ᠦᠭᠡᠢ᠂ ᠲᠡᠷᠡ ᠴᠢᠭ ᠲᠦ ᠪᠡᠨ ᠵᠤᠯᠠᠷᠠᠵᠤ ᠵᠢᠭᠤᠲᠠᠵᠤ ᠠᠯᠠᠭ᠎ᠠ ᠪᠣᠯᠵᠠᠢ᠃
ᠲᠡᠷᠡ ᠴᠠᠭ ᠠ᠋ᠴᠠ ᠬᠣᠢᠰᠢ ᠲᠠᠬᠢᠶ᠎ᠠ ᠲᠣᠮᠣ ᠰᠠᠢᠬᠠᠨ ᠰᠡᠭᠦᠯ ᠢ᠋ ᠮᠢᠨᠢ ᠠᠪᠴᠢᠷᠠᠵᠤ ᠥᠭ ᠭᠡᠮᠡᠨ ᠲᠣᠭᠣᠰ ᠢ᠋ ᠳᠠᠭᠤᠳᠠᠵᠤ ᠥᠷᠯᠥᠭᠡ ᠪᠣᠯᠭᠠᠨ ᠥᠤᠷ ᠢ᠋ᠶ᠋ᠠᠷ ᠬᠠᠰᠬᠢᠷᠴᠤ ᠳᠣᠩᠭᠣᠳᠳᠠᠭ ᠪᠣᠯᠤᠭᠰᠠᠨ ᠭᠡᠳᠡᠭ᠃
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠵᠢᠩᠯᠢᠬᠤᠸᠠᠷ
