ᠬᠥᠬᠦᠦᠷ ᠡᠷᠳᠡᠨᠢ -ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠬᠥᠬᠦᠦᠷ ᠡᠷᠳᠡᠨᠢ
ᠦᠭᠡ᠄ ᠨᠠᠷᠠᠨᠳᠠᠯᠠᠢ
ᠠᠶ᠎ᠠ᠄ ᠪᠣ ᠴᠣᠯᠮᠣᠨ
ᠳᠠᠭᠤᠴᠢᠨ᠄ ᠴᠠᠭᠠᠨᠪᠠᠷᠰ
ᠱ᠌ᠢᠷᠦᠨ ᠤᠯᠠᠭᠠᠨ ᠳᠠᠪ ᠰᠢᠭᠢᠳᠬᠡᠭᠡ ᠲᠡᠢ
ᠰᠢᠯ ᠮᠠᠨᠤᠬᠤᠨ ᠲᠤᠩᠭᠠᠯᠠᠭ ᠪᠡᠶ᠎ᠡ ᠲᠡᠢ
ᠰᠦᠨ ᠰᠡᠳᠬᠢᠯ ᠦ᠋ᠨ ᠢᠷᠦᠭᠡᠯ ᠰᠢᠩᠭᠡᠭᠡᠭᠰᠡᠨ
ᠰᠥᠬᠥᠷᠡᠨ ᠬᠦᠨᠳᠦᠯᠡᠵᠦ ᠮᠥᠷᠭᠥᠨ ᠵᠣᠯᠭᠠᠳᠠᠭ᠃
ᠮᠥᠩᠭᠥᠨ ᠴᠠᠭᠠᠨ ᠰᠡᠢᠯᠪᠦᠷᠢ ᠭᠣᠣ ᠲᠠᠢ
ᠮᠥᠩᠬᠡ ᠨᠣᠭᠣᠭᠠᠨ ᠣᠭ᠌ᠶᠤ ᠰᠢᠷᠡᠯᠭᠡ ᠲᠡᠢ
ᠤᠷᠠᠨ ᠳᠠᠷᠬᠠᠨ ᠤ᠋ ᠡᠷᠳᠡᠮ ᠢ᠋ ᠭᠠᠢᠬᠠᠭᠤᠯᠤᠭᠰᠠᠨ
ᠤᠨᠠᠭᠠᠨ ᠬᠠᠢᠷ᠎ᠠ ᠶ᠋ᠢᠨ ᠠᠷᠢᠭᠤᠨ ᠬᠣᠯᠪᠣᠭ᠎ᠠ ᠲᠠᠢ᠃
ᠠ ᠬᠠ ᠬᠥ
ᠤᠳᠤᠮ ᠳᠠᠮᠵᠢᠭᠰᠠᠨ ᠬᠥᠬᠦᠦᠷ ᠮᠢᠨᠢ ᠡᠷᠳᠡᠨᠢ
ᠣᠷᠴᠢᠯᠠᠩ ᠳ᠋ᠤ᠌ ᠬᠣᠣᠰ ᠦᠭᠡᠢ ᠮᠣᠩᠭᠣᠯ ᠡᠷᠳᠡᠨᠢ᠃
ᠮᠡᠩ ᠦ᠋ᠨ ᠲᠣᠯᠣᠭᠠᠢ ᠮᠠᠲᠠᠷ ᠮᠥᠷᠥᠪᠴᠢ ᠲᠡᠢ
ᠮᠠᠨᠠᠰ ᠮᠠᠨᠠᠰ ᠲᠠᠲᠠᠬᠤ ᠲᠠᠮᠠᠬᠢᠨ ᠰᠡᠩᠭᠢᠨᠡᠭᠡ ᠲᠡᠢ
ᠠᠮᠤᠷ ᠮᠡᠨᠳᠦ ᠶ᠋ᠢᠨ ᠬᠡᠢᠮᠣᠷᠢ ᠬᠤᠷᠤᠢᠯᠠᠭᠰᠠᠨ
ᠤᠳᠤᠮᠲᠤ ᠰᠣᠶᠣᠯ ᠤ᠋ᠨ ᠰᠢᠮ᠎ᠡ ᠶ᠋ᠢ ᠬᠠᠳᠠᠭᠠᠯᠠᠭᠰᠠᠨ᠃
ᠤᠰᠤᠨ ᠯᠢᠩᠬᠤ᠎ᠠ ᠪᠠᠳᠮ᠎ᠠ ᠴᠡᠴᠡᠭ ᠲᠡᠢ
ᠤᠷᠠᠨ ᠪᠦᠰᠡᠭᠦᠢᠴᠦᠳ ᠦ᠋ᠨ ᠬᠠᠳᠬᠤᠮᠠᠯ ᠳᠠᠯᠢᠩ ᠲᠠᠢ
ᠤᠴᠠᠷᠠᠨ ᠳᠡᠭᠡᠳᠦᠯᠡᠬᠦ ᠶ᠋ᠢᠨ ᠶᠣᠰᠣ ᠶ᠋ᠢ ᠬᠦᠨᠳᠦᠯᠡᠭᠰᠡᠨ
ᠤᠭᠲᠤᠬᠤ ᠢᠷᠡᠭᠡᠳᠦᠢ ᠶ᠋ᠢᠨ ᠵᠥᠩᠨᠡᠯ ᠣᠷᠣᠰᠢᠭᠰᠠᠨ᠃
ᠠ ᠬᠠ ᠬᠥ
ᠤᠳᠤᠮ ᠳᠠᠮᠵᠢᠭᠰᠠᠨ ᠬᠥᠬᠦᠦᠷ ᠮᠢᠨᠢ ᠡᠷᠳᠡᠨᠢ
ᠣᠷᠴᠢᠯᠠᠩ ᠳ᠋ᠤ᠌ ᠬᠣᠣᠰ ᠦᠭᠡᠢ ᠮᠣᠩᠭᠣᠯ ᠡᠷᠳᠡᠨᠢ
ᠤᠳᠤᠮ ᠳᠠᠮᠵᠢᠭᠰᠠᠨ ᠬᠥᠬᠦᠦᠷ ᠮᠢᠨᠢ ᠡᠷᠳᠡᠨᠢ
ᠣᠷᠴᠢᠯᠠᠩ ᠳ᠋ᠤ᠌ ᠬᠣᠣᠰ ᠦᠭᠡᠢ ᠮᠣᠩᠭᠣᠯ ᠡᠷᠳᠡᠨᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
