ᠠᠢ ᠵᠢᠶᠦ᠋ᠨ ᠪᠠᠭᠰᠢ ᠮᠢᠨᠢ -ᠪᠠᠶᠠᠨ᠌ᠠᠠᠭᠤᠯᠠ Ай жион багш минь-Баян-уул
ᠠᠢ ᠵᠢᠶᠦ᠋ᠨ ᠪᠠᠭᠰᠢ ᠮᠢᠨᠢ
ᠵᠣᠬᠢᠶᠠᠭᠴᠢ᠄ ᠪᠠᠶᠠᠨ᠌ᠠᠠᠭᠤᠯᠠ
ᠤᠶᠠᠩᠭᠠᠯᠠᠭᠴᠢ᠄ ᠬᠠᠢᠷ᠎ᠠ
ᠠᠷᠠᠳ ᠣᠯᠠᠨ ᠳ᠋ᠤ᠌ ᠪᠠᠨ ᠬᠦᠨᠳᠦᠳᠬᠡᠯᠲᠡᠢ
ᠠᠢ ᠵᠢᠶᠦ᠋ᠨ ᠪᠠᠭᠰᠢ ᠪᠠᠨ ᠰᠢᠯᠦᠭᠯᠡᠶ᠎ᠡ᠂
ᠠᠷᠤ ᠥᠪᠥᠷ ᠲᠦ᠍ ᠪᠡᠨ ᠨᠡᠷᠡᠲᠡᠢ
ᠠᠴᠢᠲᠤ ᠪᠠᠭᠰᠢ ᠪᠠᠨ ᠳᠠᠭᠤᠯᠠᠶ᠎ᠠ᠃
ᠬᠥᠯ ᠳ᠋ᠦ᠍ ᠣᠷᠣᠭᠰᠠᠨ ᠨᠤᠲᠤᠭ
ᠬᠥᠯᠥᠨ ᠪᠤᠢᠷ ᠢ᠋ ᠨᠢ ᠳᠤᠷᠠᠳᠤᠶ᠎ᠠ᠂
ᠬᠥᠮᠦᠵᠢᠯ ᠪᠣᠯᠪᠠᠰᠤᠷᠠᠯ ᠳ᠋ᠤ᠌ ᠴᠠᠭᠠᠷᠠᠭᠰᠠᠨ
ᠬᠥᠮᠦᠨ ᠦ᠌ ᠰᠣᠳᠣᠨ ᠭᠡᠵᠦ ᠳᠠᠭᠤᠷᠢᠰᠤᠭᠤᠯᠤᠶᠠ᠃
ᠠᠭᠤᠤ ᠦᠢᠯᠡᠰ ᠦ᠋ᠨ ᠬᠢᠨᠢ ᠠᠴᠢ ᠶ᠋ᠢ
ᠠᠨᠠᠪᠠᠳ ᠳᠠᠯᠠᠢ ᠪᠠᠷ ᠵᠦᠢᠷᠯᠡᠶᠡ᠂
ᠠᠤᠭ᠎ᠠ ᠵᠦᠢᠯᠡᠰ ᠦ᠋ᠨ ᠬᠢᠨᠢ ᠲᠤᠰᠠ ᠶ᠋ᠢ
ᠠᠯᠫᠠᠰ ᠠᠭᠤᠯᠠ ᠲᠠᠢ ᠠᠳᠠᠯᠢᠳᠬᠠᠶ᠎ᠠ᠃
ᠪᠣᠰᠤᠭ᠎ᠠ ᠮᠣᠩᠭᠣᠯ ᠪᠢᠴᠢᠭ ᠲᠦ᠍
ᠪᠣᠭᠳᠠ ᠶ᠋ᠢᠨ ᠰᠦᠨᠡᠰᠦ ᠣᠷᠣᠰᠢᠳᠠᠭ ᠭᠡᠵᠦ
ᠪᠤᠶᠠᠨᠲᠤ ᠮᠣᠩᠭᠣᠯ ᠰᠣᠶᠣᠯ ᠳ᠋ᠤ᠌
ᠪᠤᠭᠤᠷᠤᠯ ᠲᠡᠦᠬᠡ ᠨᠢᠭᠤᠭᠳᠠᠳᠠᠭ ᠭᠡᠵᠦ
ᠠᠮᠢᠨ ᠬᠠᠢᠷᠠᠲᠠᠢ ᠬᠡᠯᠡ ᠪᠡᠨ
ᠠᠷᠠᠳ ᠮᠠᠯᠴᠢᠳ ᠲᠠᠢ ᠪᠠᠨ ᠬᠥᠭᠵᠢᠭᠦᠯᠬᠦ ᠭᠡᠵᠦ᠂
ᠠᠷᠪᠠᠨ ᠨᠠᠢ᠍ᠮᠠᠨ ᠬᠣᠯᠪᠣᠭ᠎ᠠ ᠶ᠋ᠢ
ᠠᠷᠤ ᠠᠷᠤ ᠠ᠋ᠴᠠ ᠨᠢ ᠪᠠᠢᠭᠤᠯᠵᠠᠢ᠃
ᠬᠠᠢᠯᠵᠤ ᠪᠣᠯᠬᠤ ᠦᠭᠡᠢ ᠰᠣᠶᠣᠯ ᠭᠡᠵᠦ
ᠬᠠᠮᠤᠭ ᠮᠣᠩᠭᠣᠯ ᠲᠠᠢ ᠪᠠᠨ ᠬᠠᠮᠵᠢᠯᠴᠠᠬᠤ ᠭᠡᠵᠦ᠂
ᠬᠣᠷᠢᠨ ᠭᠤᠷᠪᠠᠨ ᠬᠤᠷᠠᠬᠤ ᠶ᠋ᠢ
ᠬᠣᠢᠨ᠎ᠠ ᠬᠣᠢᠨ᠎ᠠ ᠠ᠋ᠴᠠ ᠨᠢ ᠠᠮᠢᠯᠠᠭᠤᠯᠵᠠᠢ᠃
ᠭᠤᠷᠪᠠᠨ ᠵᠢᠯ ᠦ᠋ᠨ ᠬᠤᠭᠤᠴᠠᠭᠠᠨ ᠳ᠋ᠤ᠌
ᠭᠤᠢᠪᠢᠵᠤ ᠵᠤᠲᠠᠷᠠᠰᠢ ᠦᠭᠡᠢ ᠵᠢᠳᠬᠦᠭᠰᠡᠨ᠂
ᠭᠠᠳᠠᠭᠠᠳᠤ ᠳᠣᠲᠣᠭᠠᠳᠤ ᠮᠣᠩᠭᠣᠯ ᠢ᠋
ᠭᠡᠭᠡᠭᠳᠡᠭᠦᠯᠦᠯ ᠦᠭᠡᠢ ᠳᠠᠢᠴᠢᠯᠠᠭᠰᠠᠨ᠃
ᠡᠷᠳᠡᠮᠲᠦ ᠪᠠᠭᠰᠢ ᠶ᠋ᠢᠨ ᠢ᠋ᠶ᠋ᠡᠨ ᠪᠣᠳᠣᠯ ᠢ᠋
ᠡᠷᠬᠢᠮᠯᠡᠵᠦ ᠶᠠᠪᠤᠭᠠᠷᠠᠢ ᠬᠥᠮᠦᠰ ᠠ᠋!
ᠡᠭᠡᠳᠡᠷᠡᠭᠡᠨᠲᠦ ᠬᠣᠷᠸ᠎ᠠ ᠶ᠋ᠢᠨ ᠵᠠᠢ ᠳ᠋ᠤ᠌
ᠡᠷᠴᠢ ᠵᠣᠷᠢᠭ ᠢ᠋ᠶ᠋ᠠᠨ ᠬᠥᠪᠴᠢᠯᠡᠭᠡᠷᠡᠢ!
ᠮᠠᠷᠲᠠᠵᠤ ᠪᠣᠯᠣᠰᠢ ᠦᠭᠡᠢ ᠬᠡᠯᠡ ᠭᠡᠵᠦ
ᠮᠣᠩᠭᠣᠯ ᠲᠦᠮᠡᠨ ᠳ᠋ᠦ᠍ ᠪᠡᠨ ᠰᠠᠨᠠᠭᠤᠯᠳᠠᠭ᠂
ᠮᠠᠷᠭᠠᠰᠢ ᠶ᠋ᠢᠨ ᠲᠥᠯᠥᠭᠡ ᠴᠢᠷᠮᠠᠢ ᠭᠡᠵᠦ
ᠮᠠᠨᠳᠤᠬᠤ ᠨᠠᠷᠠᠨ ᠲᠠᠢ ᠣᠷᠣᠯᠳᠣᠳᠠᠭ᠃
ᠳᠡᠯᠭᠡᠷ ᠮᠣᠩᠭᠣᠯ ᠰᠣᠶᠣᠯ ᠢ᠋ᠶ᠋ᠠᠨ
ᠳᠡᠯᠡᠬᠡᠢ ᠳ᠋ᠦ᠍ ᠰᠠᠴᠤᠬᠤ ᠶ᠋ᠢ ᠵᠣᠷᠢᠭᠰᠠᠨ᠂
ᠳᠡᠭᠡᠳᠦᠰ ᠡᠴᠡ ᠤᠯᠠᠮᠵᠢᠯᠠᠭᠰᠠᠨ ᠪᠢᠴᠢᠭ ᠢ᠋ᠶ᠋ᠡᠨ
ᠳᠡᠯᠭᠡᠵᠦ ᠬᠥᠭᠵᠢᠭᠦᠯᠬᠦ ᠶ᠋ᠢ ᠰᠠᠨᠠᠭᠰᠠᠨ᠃
ᠨᠢᠭᠤᠴᠠ ᠲᠣᠪᠴᠢᠶ᠎ᠠ ᠲᠠᠢ ᠮᠣᠩᠭᠣᠯ ᠢ᠋ᠶ᠋ᠠᠨ
ᠨᠢᠷᠤᠭᠤᠨ ᠳ᠋ᠤ᠌ ᠪᠠᠨ ᠡᠭᠦᠷᠴᠦ ᠮᠡᠷᠡᠢᠭᠰᠡᠨ᠂
ᠨᠢᠳᠤᠷᠭᠠᠨ ᠳ᠋ᠤ᠌ ᠪᠠᠨ ᠵᠠᠩᠭᠢᠳᠴᠤ ᠤᠷᠢᠶᠠᠯᠠᠭᠰᠠᠨ
ᠨᠤᠭᠤᠷᠠᠰᠢ ᠦᠭᠡᠢ ᠨᠢᠭᠡᠨ ᠵᠢᠳᠬᠦᠯᠲᠡᠨ᠃
ᠰᠤᠳᠤᠷ ᠢ᠋ᠶ᠋ᠠᠨ ᠪᠤᠤ ᠯᠠ ᠮᠠᠷᠲᠠᠶ᠎ᠠ ᠭᠡᠵᠦ
ᠰᠤᠷᠲᠠᠯᠴᠢᠯᠠᠵᠤ ᠵᠠᠮᠴᠢᠯᠠᠭᠰᠠᠨ ᠲᠤᠭᠴᠢ ᠶᠤᠮ᠂
ᠰᠣᠶᠣᠯ ᠢ᠋ᠶ᠋ᠠᠨ ᠪᠦᠦ ᠯᠡ ᠤᠷᠭᠢᠶ᠎ᠠ ᠭᠡᠵᠦ
ᠰᠠᠨᠠᠭᠠᠴᠢᠯᠠᠨ ᠵᠢᠳᠬᠦᠭᠰᠡᠨ ᠪᠠᠭᠰᠢᠲᠠᠨ ᠶᠤᠮ᠃
ᠰᠡᠯᠡᠮ᠎ᠡ ᠳᠠᠯᠠᠢᠭᠰᠠᠨ ᠪᠠᠭᠠᠲᠤᠷ ᠪᠢᠰᠢ ᠴᠦ᠍
ᠦᠵᠦᠭ ᠬᠤᠷᠴᠠᠯᠠᠭᠰᠠᠨ ᠡᠷᠡᠯᠬᠡᠭ ᠶᠤᠮ᠂
ᠰᠡᠳᠬᠢᠯ ᠳ᠋ᠦ᠍ ᠪᠡᠨ ᠲᠠᠮᠢᠷ ᠲᠠᠢ ᠢᠳᠡᠲᠡᠨ ᠶᠤᠮ
ᠦᠰᠦᠭ ᠪᠢᠴᠢᠭ ᠦ᠋ᠨ ᠢ᠋ᠶ᠋ᠡᠨ ᠥᠪᠯᠡᠭᠴᠢ ᠶᠤᠮ ᠠ᠋!
ᠡᠷᠬᠢᠮ ᠦ᠋ᠨ ᠡᠷᠬᠢᠮ ᠪᠠᠭᠰᠢ ᠪᠠᠨ
ᠡᠨᠳᠡ ᠬᠦᠷᠲᠡᠯ᠎ᠡ ᠪᠢᠴᠢᠶ᠎ᠡ!
ᠡᠷᠢᠶᠡᠨ ᠬᠣᠷᠸ᠎ᠠ ᠶ᠋ᠢᠨ ᠵᠠᠢ ᠳ᠋ᠤ᠌
ᠡᠬᠡ ᠬᠡᠯᠡ ᠲᠡᠢ ᠪᠡᠨ ᠦᠯᠡᠳᠡᠶ᠎ᠡ!
ᠦᠰᠦᠭ ᠠᠮᠢᠯᠠᠭᠤᠯᠤᠭᠴᠢ᠄ ᠪᠠᠶᠠᠨ᠌ᠠᠭᠤᠯᠠ
ᠦᠰᠦᠭ ᠬᠠᠲᠠᠭᠴᠢ᠄ ᠬᠣᠨᠢᠴᠢᠨ ᠪᠦᠰᠡᠭᠦᠢ
ᠵᠢᠷᠤᠭ ᠤᠷᠠᠯᠠᠭᠴᠢ᠄ ᠬᠣᠨᠢᠴᠢᠨ ᠪᠦᠰᠡᠭᠦᠢ
ᠬᠢᠨᠠᠭᠴᠢ᠄ ᠣᠳᠬᠠᠨᠰᠣ᠎ᠠ
