ᠴᠣᠪᠣᠭᠣ ᠬᠦᠦЦовоо хүү ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠣᠪᠣᠭᠣ ᠬᠦᠦЦовоо хүү

ᠴᠣᠪᠣᠭᠣ ᠬᠦᠦЦовоо хүү

ᠠᠩᠭᠢᠯᠠᠯ:ᠳᠣᠮᠣᠭ ᠦᠯᠢᠭᠡᠷ
2025-04-23

1064

ᠴᠣᠪᠣᠭᠣ ᠬᠦᠦ

     ᠡᠷᠲᠡ ᠤᠷᠢᠳᠤ ᠶ᠋ᠢᠨ ᠴᠠᠭ ᠲᠤ᠌ ᠭᠠᠭᠴᠠ ᠬᠦᠦ ᠲᠡᠢ ᠨᠢᠭᠡᠨ ᠠᠢᠯ ᠪᠠᠢᠵᠠᠢ᠂ ᠭᠡᠲᠡᠯ᠎ᠡ ᠨᠢᠭᠡ ᠡᠳᠦᠷ ᠬᠦᠦ ᠨᠢ ᠣᠷᠣ ᠰᠤᠷᠠᠭ ᠦᠭᠡᠢ ᠠᠯᠠᠭ᠎ᠠ ᠪᠣᠯᠤᠭᠠᠳ ᠡᠵᠢ ᠠᠪᠤ ᠨᠢ ᠡᠯᠢᠭᠡᠨ ᠦ᠌ ᠪᠡᠨ ᠮᠢᠬ᠎ᠠ ᠶ᠋ᠢ ᠪᠠᠷᠠᠵᠤ ᠡᠩ ᠦᠭᠡᠢ ᠲᠩᠷᠢ ᠶ᠋ᠢᠨ ᠬᠠᠶᠠᠭ᠎ᠠ ᠶ᠋ᠢ ᠰᠡᠮᠡᠷᠡᠲᠡᠯ᠎ᠡ ᠬᠠᠷᠠᠵᠤ ᠬᠦᠯᠢᠶᠡᠵᠦ ᠰᠠᠭᠤᠳᠠᠭ ᠪᠣᠯᠪᠠ ᠭᠡᠨ᠎ᠡ᠃
     ᠴᠢᠩᠭᠢᠲᠡᠯ᠎ᠡ ᠭᠤᠷᠪᠠᠨ ᠵᠢᠯ ᠦ᠋ᠨ ᠳᠠᠷᠠᠭᠠᠬᠢ ᠨᠢᠭᠡᠨ ᠰᠠᠢᠬᠠᠨ ᠡᠳᠦᠷ᠂ ᠬᠦᠦ ᠨᠢ ᠭᠡᠷ ᠡᠷᠭᠦᠮ᠎ᠡ ᠥᠨᠳᠥᠷ ᠪᠣᠯᠴᠢᠬᠠᠭᠰᠠᠨ᠂ ᠭᠡᠷᠡᠯ ᠰᠠᠴᠤᠷᠠᠮ᠎ᠠ ᠥᠩᠭᠡ ᠵᠢᠪᠬᠤᠭ᠎ᠠ ᠲᠠᠢ ᠪᠣᠯᠴᠢᠬᠠᠭᠰᠠᠨ ᠡᠷᠭᠢᠵᠦ ᠬᠠᠷᠢᠵᠤ ᠢᠷᠡᠵᠡᠢ᠂ ᠡᠵᠢ ᠠᠪᠤ ᠶ᠋ᠢᠨ ᠬᠢᠨᠢ ᠮᠠᠩᠨᠠᠢ ᠶ᠋ᠢᠨ ᠦᠷᠴᠢᠯᠡᠭᠡ ᠲᠡᠨᠢᠢᠵᠦ᠂ ᠮᠠᠨ ᠤ᠋ ᠬᠦᠦ ᠢᠷᠡᠯ᠎ᠡ᠂ ᠶᠠᠭᠠᠬᠢᠵᠤ ᠡᠢᠵᠦ ᠶᠠᠪᠤᠪᠠ ᠭᠡᠲᠡᠯ᠎ᠡ ᠬᠦᠦ ᠨᠢ᠂
      — ᠠᠯᠤᠰ ᠭᠠᠵᠠᠷ ᠠᠮᠤᠷ ᠮᠡᠨᠳᠦ ᠶᠠᠪᠤᠭᠠᠳ ᠢᠷᠡᠯ᠎ᠡ᠂ ᠬᠦᠦ ᠴᠢᠨᠢ ᠨᠢᠭᠡ ᠵᠢᠯ ᠳᠠᠭᠤᠤ ᠬᠤᠭᠤᠷ᠂ ᠨᠢᠭᠡ ᠵᠢᠯ ᠬᠤᠳᠠᠯᠳᠤᠭ᠎ᠠ ᠮᠠᠢᠮᠠᠢ᠂ ᠨᠢᠭᠡ ᠵᠢᠯ ᠰᠢᠳᠡᠷ᠎ᠡ ᠨᠡᠭᠦᠬᠦ ᠶ᠋ᠢ ᠰᠤᠷᠤᠯ᠎ᠠ ᠭᠡᠵᠦ ᠭᠡᠨ᠎ᠡ᠃
      ᠨᠠᠷᠠ ᠰᠠᠷᠠ ᠭᠡᠷᠡᠯᠲᠦᠭᠰᠡᠨ ᠨᠠᠪᠲᠠᠷᠬᠠᠢ ᠪᠣᠷᠣ ᠭᠡᠷ ᠲᠡᠢ᠂ ᠲᠠᠭᠤᠬᠤ ᠮᠠᠯ ᠦᠭᠡᠢ᠂ ᠳᠠᠭᠤ ᠭᠡᠬᠦ ᠨᠣᠬᠠᠢ ᠦᠭᠡᠢ ᠶᠠᠳᠠᠭᠤ ᠠᠢᠯ ᠶᠤᠮᠰᠠᠨᠵᠠᠢ᠂ ᠲᠡᠳᠡᠨ ᠦ᠌ ᠬᠢ᠃
      ᠲᠡᠭᠡᠭᠡᠳ ᠨᠢᠭᠡ ᠡᠳᠦᠷ ᠪᠣᠷᠣ ᠭᠡᠷ ᠦ᠋ᠨ ᠢ᠋ᠶ᠋ᠡᠨ ᠬᠠᠶᠠᠭ᠎ᠠ ᠳ᠋ᠤ᠌ ᠠᠯᠤᠰ ᠤ᠋ᠨ ᠪᠠᠷ᠎ᠠ ᠬᠠᠷᠠᠭᠰᠠᠨ ᠰᠢᠭ᠋ ᠰᠠᠭᠤᠭᠰᠠᠨ ᠬᠦᠦ ᠨᠢ᠂
      — ᠡᠵᠢ ᠠ᠋ ᠡᠵᠢ ᠠ᠋᠂ ᠠᠪᠤ ᠠ᠋ ᠠᠪᠤ ᠠ᠋᠂ ᠨᠢᠭᠡ ᠪᠠᠶᠠᠨ ᠠᠢᠯ ᠤ᠋ᠨ ᠨᠡᠭᠦᠳᠡᠯ ᠠᠢᠰᠤᠢ᠂ ᠪᠠᠷᠠᠳᠠᠵᠤ ᠬᠥᠪᠥᠷᠡᠭᠰᠡᠨ ᠶᠡᠬᠡ ᠨᠡᠭᠦᠳᠡᠯ᠂ ᠨᠠᠢᠷ ᠲᠠᠢ ᠰᠠᠢᠬᠠᠨ ᠲᠣᠰᠴᠤ ᠣᠴᠢᠭᠠᠳ ᠮᠠᠢᠮᠠᠢ ᠠᠷᠠᠯᠵᠢᠶ᠎ᠠ ᠬᠢᠵᠦ ᠦᠵᠡᠶ᠎ᠡ ᠭᠡᠵᠦ ᠬᠡᠯᠡᠵᠦ ᠭᠡᠨ᠎ᠡ᠃
     ᠶᠠᠭᠤ ᠪᠠᠷ ᠢ᠋ᠶ᠋ᠠᠨ ᠮᠠᠢᠮᠠᠢ ᠬᠢᠳᠡᠭ ᠪᠢᠯᠡ᠂ ᠲᠠᠭᠤᠬᠤ ᠮᠠᠯ ᠦᠭᠡᠢ᠂ ᠲᠣᠭᠠᠯᠠᠬᠤ ᠵᠣᠭᠣᠰ ᠦᠭᠡᠢ ᠤᠯᠤᠰ ᠴᠢᠨᠢ ᠭᠡᠲᠡᠯ᠎ᠡ ᠬᠦᠦ ᠨᠢ ᠶᠠᠭᠤ ᠴᠤ᠌ ᠪᠣᠯᠤᠭᠰᠠᠨ ᠳᠤᠰᠤᠭᠠᠳ ᠠᠭᠤᠯᠵᠠᠶ᠎ᠠ ᠭᠡᠳ ᠨᠡᠭᠦᠳᠡᠯ ᠥᠭᠡᠳᠡ ᠶᠠᠪᠤᠭᠠᠳ ᠥᠭᠭᠦᠯ᠎ᠡ᠃
    ᠣᠴᠢᠭᠰᠠᠨ ᠴᠢᠨᠢ ᠬᠦᠷᠦᠨ ᠦ᠌ ᠶᠡᠬᠡ ᠬᠠᠭᠠᠨ ᠤ᠋ ᠬᠢ ᠨᠡᠭᠦᠵᠦ᠂ ᠬᠥᠰᠬᠡ ᠶ᠋ᠢᠨ ᠬᠢ ᠨᠢ ᠲᠣᠭᠣᠰᠣ ᠲᠩᠷᠢ ᠳ᠋ᠦ᠍ ᠬᠠᠲᠠᠵᠤ ᠠᠪᠠᠢ᠃
     ᠬᠦᠦ ᠴᠦ᠍ ᠤᠭᠲᠤᠵᠤ ᠣᠴᠢᠭᠠᠳ᠂
    — ᠬᠠᠭᠠᠨ ᠭᠤᠸᠠᠢ᠂ ᠬᠠᠭᠠᠨ ᠭᠤᠸᠠᠢ᠂ ᠠᠶᠠᠨ ᠵᠠᠮ ᠳ᠋ᠤ᠌ ᠪᠠᠨ ᠠᠯᠵᠢᠶᠠᠯ ᠦᠭᠡᠢ ᠰᠠᠢᠨ ᠶᠠᠪᠤᠨ᠎ᠠ ᠤᠤ ᠬᠡᠳᠦ ᠨᠤᠲᠤᠭ ᠬᠠᠮᠢᠭ᠎ᠠ ᠪᠣᠢ᠂ ᠬᠠᠮᠢᠭᠠᠰᠢ ᠪᠠᠨ ᠨᠡᠭᠦᠵᠦ ᠶᠠᠪᠤᠨ᠎ᠠ ᠭᠡᠮᠡᠨ ᠠᠰᠠᠭᠤᠵᠠᠢ᠃
    — ᠬᠣᠲᠠᠯᠠ ᠬᠤᠰᠢᠭᠤᠨ ᠳ᠋ᠤ᠌ ᠪᠠᠨ ᠯᠠ ᠨᠡᠭᠦᠵᠦ ᠶᠠᠪᠤᠨ᠎ᠠ ᠭᠡᠵᠦ ᠬᠠᠭᠠᠨ ᠬᠠᠷᠢᠭᠤᠯᠵᠤ ᠭᠡᠨ᠎ᠡ᠃
    — ᠬᠠᠭᠠᠨ ᠭᠤᠸᠠᠢ ᠬᠠᠭᠠᠨ ᠭᠤᠸᠠᠢ᠂ ᠬᠤᠳᠠᠯᠳᠤᠭ᠎ᠠ ᠠᠷᠠᠯᠵᠢᠶ᠎ᠠ ᠬᠢᠬᠦ ᠪᠡᠷ ᠶᠠᠭᠤᠮ᠎ᠠ ᠪᠠᠢᠨ᠎ᠠ ᠤᠤ ᠭᠡᠵᠦ ᠬᠦᠦ ᠶ᠋ᠢ ᠠᠰᠠᠭᠤᠪᠠᠰᠤ᠂
    — ᠴᠢ ᠶᠠᠭᠤ ᠪᠠᠷ ᠢ᠋ᠶ᠋ᠠᠨ ᠬᠤᠳᠠᠯᠳᠤᠭ᠎ᠠ ᠠᠷᠠᠯᠵᠢᠶ᠎ᠠ ᠬᠢᠳᠡᠭ ᠬᠥᠮᠦᠨ ᠪᠣᠢ ᠳᠠ ᠭᠡᠵᠡᠢ᠃
   — ᠠᠯᠲᠠ ᠪᠡᠶ᠎ᠡ ᠪᠡᠨ ᠠᠷᠠᠯᠵᠢᠵᠤ ᠬᠤᠳᠠᠯᠳᠤᠬᠤ ᠭᠡᠵᠦ ᠶᠠᠪᠤᠭ᠎ᠠ ᠬᠥᠮᠦᠨ ᠪᠠᠢᠨ᠎ᠠ ᠠ᠋᠃
    — ᠠᠪᠤ ᠡᠵᠢ᠎ᠡᠴᠡ ᠵᠠᠶᠠᠭᠠᠭᠰᠠᠨ ᠠᠯᠲᠠ ᠪᠡᠶ᠎ᠡ ᠪᠡᠨ ᠲᠡᠭᠡᠭᠡᠳ ᠶᠠᠭᠤ ᠪᠠᠷ ᠠᠷᠠᠯᠵᠢᠬᠤ ᠶᠤᠮ?
    — ᠨᠢᠭᠡ ᠲᠤᠯᠤᠮ ᠠᠯᠲᠠ ᠪᠠᠷ ᠭᠡᠵᠦ ᠬᠦᠦ ᠬᠠᠷᠢᠭᠤ ᠬᠡᠯᠡᠪᠡ᠃
    ᠨᠠᠮ᠎ᠠ ᠶ᠋ᠢ ᠠᠯᠲᠠ ᠮᠥᠩᠭᠥ ᠦᠭᠡᠢ ᠭᠡᠵᠦ ᠳᠠᠭᠠᠷᠢᠵᠤ ᠪᠠᠢᠬᠤ ᠨᠢ ᠠ᠋ ᠭᠡᠵᠦ ᠵᠢᠪᠡᠭᠦᠦ ᠨᠢ ᠬᠦᠷᠦᠭᠰᠡᠨ ᠬᠠᠭᠠᠨ᠂
   — ᠴᠢᠨᠦ ᠥᠷᠲᠡᠭ ᠢ᠋ ᠬᠡᠨ ᠳ᠋ᠦ᠍ ᠥᠭᠬᠦ ᠶᠦ᠍ᠮ᠂ ᠲᠡᠭᠡᠭᠡᠳ ᠭᠡᠰᠡᠨ ᠳ᠋ᠦ᠍᠂
   — ᠮᠢᠨᠦ ᠠᠪᠤ ᠡᠵᠢ ᠬᠣᠶᠠᠷ ᠲᠤ᠌ ᠥᠭᠭᠦᠭᠡᠷᠡᠢ᠂ ᠲᠡᠨᠳᠡ ᠪᠠᠢᠭ᠎ᠠ ᠭᠡᠳ ᠠᠯᠤᠰ ᠲᠤ᠌ ᠠᠷᠤᠭ ᠬᠥᠮᠥᠷᠢᠭᠰᠡᠨ ᠶᠦ᠍ᠮ ᠰᠢᠭ ᠬᠠᠷᠠᠭᠳᠠᠬᠤ ᠵᠢᠵᠢᠭ ᠬᠠᠷ᠎ᠠ ᠭᠡᠷ ᠢ᠋ ᠵᠢᠭᠠᠵᠤ ᠭᠡᠨ᠎ᠡ᠃
    — ᠠ᠋ ᠳᠠ᠂ ᠡᠢᠮᠦ ᠬᠣᠭᠣᠰᠣᠨ ᠠᠢᠯ ᠤ᠋ᠨ ᠬᠦᠦ ᠪᠠᠢᠬᠤ ᠨᠢ ᠠ᠋᠂ ᠡᠵᠢ ᠠᠪᠤ ᠪᠠᠨ ᠡᠨᠡᠷᠢᠵᠦ ᠲᠡᠵᠢᠭᠡᠬᠦ ᠭᠡᠵᠦ ᠡᠨᠡ ᠪᠡᠶ᠎ᠡ ᠪᠡᠨ ᠵᠠᠷᠤᠵᠤ ᠪᠠᠢᠭ᠎ᠠ ᠶᠤᠮ ᠪᠠᠢᠨ᠎ᠠ ᠭᠡᠮᠡᠨ ᠬᠠᠭᠠᠨ ᠦᠷᠦ ᠡᠪᠡᠳᠴᠦ᠂ ᠦᠬᠡᠷ ᠦ᠋ᠨ ᠬᠡᠭᠡᠯ ᠦ᠋ᠨ ᠲᠤᠯᠤᠮ ᠢ᠋ᠶ᠋ᠠᠷ ᠳᠦᠭᠦᠷᠡᠩ ᠠᠯᠲᠠ ᠬᠢᠭᠡᠳ ᠠᠯᠪᠠᠲᠤ ᠠᠷᠠᠳ ᠢ᠋ᠶ᠋ᠠᠷ ᠢ᠋ᠶ᠋ᠠᠨ ᠠᠪᠤ ᠡᠵᠢ ᠳ᠋ᠦ᠍ ᠨᠢ ᠥᠭᠭᠦᠭᠦᠯᠵᠦ᠂《 ᠬᠦᠦ ᠶ᠋ᠢ ᠴᠢᠨᠢ ᠠᠪᠤᠯ᠎ᠠ᠂ ᠡᠨᠡ ᠠᠯᠲᠠ ᠮᠥᠩᠭᠥ ᠪᠡᠷ ᠠᠮᠢ ᠵᠢᠭᠤᠲᠤᠭᠠᠢ》 ᠭᠡᠮᠡᠨ ᠬᠡᠯᠡᠭᠦᠯᠵᠡᠢ᠃
    ᠲᠡᠢᠨ ᠬᠦ᠌ ᠬᠠᠭᠠᠨ ᠤ᠋ ᠬᠢ ᠨᠡᠭᠦᠭᠰᠡᠭᠡᠷ ᠠᠭᠤᠯᠠ ᠤᠰᠤ ᠲᠡᠭᠰᠢ ᠥᠨᠢ ᠳᠡᠯᠭᠡᠷ ᠰᠠᠢᠬᠠᠨ ᠨᠤᠲᠤᠭ ᠲᠤ᠌ ᠪᠠᠭᠤᠵᠤ ᠬᠠᠭᠠᠨᠲᠠᠨ᠂
    ᠨᠢᠳᠦᠨ ᠳ᠋ᠦ᠍ ᠪᠡᠨ ᠭᠠᠯ ᠲᠠᠢ᠂ ᠨᠢᠭᠤᠷ ᠲᠤ᠌ ᠪᠠᠨ ᠴᠣᠭ ᠲᠠᠢ ᠡᠨᠡ ᠬᠦᠦ ᠠᠢᠬᠤᠪᠲᠤᠷ ᠰᠦᠷᠡᠬᠡᠢ ᠬᠥᠮᠦᠨ ᠪᠣᠯᠤᠨ᠎ᠠ ᠰᠢᠦ᠂ ᠶᠠᠯᠠᠲᠠᠨ ᠤ᠋ ᠶᠣᠰᠣ ᠪᠠᠷ ᠴᠢᠩᠳᠠ ᠬᠠᠷᠠᠵᠤ ᠬᠠᠷᠠᠭᠠᠯᠵᠠᠵᠤ ᠪᠠᠢᠭᠲᠤᠨ ᠭᠡᠵᠦ ᠠᠯᠪᠠᠲᠤ ᠨᠠᠷ ᠲᠤ᠌ ᠪᠠᠨ ᠵᠠᠷᠯᠢᠭ ᠪᠣᠯᠪᠠ᠂ᠲᠡᠭᠡᠩᠭᠦᠲᠡ ᠠᠯᠪᠠᠲᠤ ᠨᠠᠷ ᠨᠢ ᠠᠯᠲᠠ ᠪᠡᠶ᠎ᠡ ᠪᠡᠨ ᠬᠠᠭᠠᠨ ᠳ᠋ᠤ᠌ ᠬᠤᠳᠠᠯᠳᠤᠭᠰᠠᠨ ᠠᠢᠬᠤᠪᠲᠤᠷ ᠬᠦᠦ ᠶ᠋ᠢ ᠦᠬᠡᠷ ᠦ᠋ᠨ ᠲᠤᠯᠤᠮ ᠳ᠋ᠤ᠌ ᠬᠢᠵᠦ ᠠᠮᠠ ᠶ᠋ᠢ ᠨᠢ ᠳᠠᠩᠭᠢᠨᠠᠲᠠᠯ᠎ᠠ ᠪᠣᠭᠣᠭᠠᠳ᠂ ᠴᠠᠭ ᠴᠠᠭ ᠲᠤ᠌ ᠭᠠᠷᠭᠠᠵᠤ ᠬᠣᠭᠣᠯᠠᠯᠠᠵᠤ ᠤᠮᠳᠠᠯᠠᠳᠠᠭ ᠪᠣᠯᠵᠠᠢ᠃
     ᠭᠡᠲᠡᠯ᠎ᠡ ᠬᠦᠦ ᠲᠤᠯᠤᠮ ᠳᠣᠲᠣᠷ᠎ᠠ᠎ᠠᠴᠠ ᠪᠠᠨ ᠦᠷᠦ ᠥᠮᠥᠷᠡᠲᠡᠯ᠎ᠡ ᠰᠠᠢᠬᠠᠨ ᠳᠠᠭᠤᠯᠠᠨ᠎ᠠ᠂ ᠥᠷᠭᠡᠨ ᠣᠯᠠᠨ ᠲᠦᠮᠡᠨ ᠳᠠᠭᠤᠯᠠᠵᠤ ᠪᠣᠢ ᠳᠠᠭᠤᠤ ᠶ᠋ᠢ ᠨᠢ ᠰᠣᠨᠣᠰᠤᠭᠠᠳ ᠠᠮᠢᠲᠠᠨ ᠤ᠋ ᠠᠯᠠᠭ ᠦᠷ᠎ᠡ ᠠᠪᠤ ᠡᠵᠢ᠎ᠡᠴᠡ ᠪᠡᠨ ᠬᠣᠯᠠ ᠡᠯᠢᠭᠡᠨ ᠦ᠌ ᠪᠡᠨ ᠮᠢᠬ᠎ᠠ ᠶ᠋ᠢ ᠪᠠᠷᠢᠵᠤ ᠪᠠᠢᠨ᠎ᠠ ᠭᠡᠮᠡᠨ ᠶᠡᠬᠡᠳᠡ ᠦᠷᠦ ᠡᠪᠡᠳᠦᠨ᠎ᠡ᠃
    ᠦᠢᠯᠡ ᠪᠡᠨ ᠦᠵᠡᠵᠦ ᠦᠰᠦ ᠪᠡᠨ ᠲᠣᠭᠠᠯᠠᠵᠤ ᠰᠠᠭᠤᠨ᠎ᠠ ᠳᠠ᠂ ᠵᠠᠢᠯᠠᠭᠤᠯ ᠭᠡᠮᠡᠨ ᠬᠠᠢᠷᠠᠯᠠᠨ᠎ᠠ᠂ ᠲᠡᠭᠡᠭᠡᠳ ᠨᠢᠭᠡ ᠡᠳᠦᠷ ᠲᠤᠯᠤᠮ᠎ᠠᠴᠠ ᠨᠢ ᠭᠠᠷᠭᠠᠵᠤ ᠰᠤᠯᠠ ᠳᠠᠭᠤᠯᠠᠭᠤᠯᠳᠠᠭ ᠪᠣᠯᠪᠠ ᠭᠡᠨ᠎ᠡ᠂ ᠳᠠᠭᠤᠤ ᠶ᠋ᠢ ᠨᠢ ᠰᠣᠨᠣᠰᠤᠭᠠᠳ ᠤᠬᠢᠯᠠᠵᠤ ᠰᠠᠭᠤᠳᠠᠭ ᠤᠯᠤᠰ ᠴᠤ᠌ ᠣᠯᠠᠨ ᠪᠣᠯᠪᠠ᠂ ᠰᠡᠭᠦᠯ ᠳ᠋ᠦ᠍ ᠪᠡᠨ ᠲᠡᠷᠡ ᠬᠦᠦ ᠶ᠋ᠢ ᠡᠷᠬᠡᠯᠡᠭᠦᠯᠵᠦ ᠬᠠᠢᠷᠠᠯᠠᠳᠠᠭ ᠪᠣᠯᠵᠠᠢ᠃
     ᠭᠡᠲᠡᠯ᠎ᠡ ᠬᠠᠭᠠᠨ ᠤ᠋ ᠦᠷᠭᠦᠭᠡᠨ ᠦ᠌ ᠪᠠᠷᠠᠭᠤᠨ ᠲᠠᠯ᠎ᠠ ᠳ᠋ᠤ᠌ ᠥᠨᠳᠥᠷ ᠰᠦᠷᠯᠢᠭ ᠮᠣᠳᠣ ᠲᠠᠢ ᠠᠭᠤᠯᠠ ᠪᠠᠢᠳᠠᠭ ᠶᠤᠮᠰᠠᠨᠵᠠᠢ᠂ ᠬᠦᠦ ᠳᠠᠭᠤᠤ ᠳᠠᠭᠤᠯᠠᠨ ᠭᠠᠳᠠᠭᠤᠷ ᠭᠦᠶᠦᠵᠦ ᠶᠠᠪᠤᠭᠰᠠᠨ ᠢ᠋ᠶ᠋ᠠᠨ᠂
    ᠠᠬ᠎ᠠ ᠠ᠋᠂ ᠡᠭᠡᠴᠢ ᠠ᠋᠂ ᠲᠡᠷᠡ ᠪᠠᠷᠠᠭᠤᠨ ᠠᠭᠤᠯᠠᠨ ᠳ᠋ᠤ᠌ ᠨᠢᠭᠡ ᠶᠠᠪᠠᠭᠠᠨ ᠨᠢᠴᠦᠭᠦᠨ ᠬᠥᠮᠦᠨ ᠶᠠᠪᠤᠭ᠎ᠠ ᠬᠠᠷᠠᠭᠳᠠᠨ᠎ᠠ᠂ ᠶᠠᠮᠠᠷ ᠵᠢᠭᠲᠡᠢ ᠬᠥᠮᠦᠨ ᠪᠣᠢ? ᠶᠠᠮᠠᠷ ᠬᠥᠮᠦᠨ ᠲᠡᠭᠡᠵᠦ ᠶᠠᠪᠤᠳᠠᠭ ᠶᠤᠮ ᠪᠣᠯ ᠭᠡᠵᠦ ᠤᠯᠤᠰ᠎ᠠᠴᠠ ᠠᠰᠠᠭᠤᠵᠤ ᠭᠡᠨ᠎ᠡ᠃
     — ᠴᠢ ᠲᠡᠭᠦᠪᠡᠷ ᠶᠠᠭᠠᠬᠢᠬᠤ ᠨᠢ ᠪᠣᠢ? ᠲᠡᠭᠦᠪᠡᠷ ᠴᠢᠨᠢ ᠨᠢᠭᠡ ᠰᠢᠳᠠᠷᠴᠢᠨ ᠰᠢᠮᠨᠤᠰ ᠰᠠᠭᠠᠷᠠᠭ ᠰᠠᠭᠠᠷᠠᠭ ᠶᠠᠪᠤᠳᠠᠭ ᠶᠤᠮ᠂ ᠲᠡᠢᠰᠢ ᠪᠡᠨ ᠪᠤᠤ ᠵᠦᠭᠯᠡᠲᠤᠭᠡᠢ ᠭᠡᠮᠡᠨ ᠠᠮᠢᠲᠠᠨ ᠱᠤᠤᠬᠢᠯᠳᠤᠵᠠᠢ᠃
      ᠭᠡᠲᠡᠯ᠎ᠡ ᠬᠦᠦ ᠮᠠᠷᠭᠠᠰᠢ ᠨᠢ ᠮᠥᠨᠥᠬᠡᠨ ᠪᠠᠷᠠᠭᠤᠨ ᠬᠠᠷ᠎ᠠ ᠠᠭᠤᠯᠠ ᠶ᠋ᠢᠨ ᠵᠦᠭ ᠰᠡᠮᠬᠡᠨ  ᠱᠣᠣᠷᠠᠭ ᠱᠣᠣᠷᠠᠭ ᠭᠦᠶᠦᠵᠦ ᠣᠳᠪᠠᠢ᠃
      ᠥᠨᠳᠥᠷ ᠰᠢᠮᠨᠤᠰ ᠳᠡᠭᠡᠷ᠎ᠡ ᠭᠦᠶᠦᠵᠦ ᠣᠴᠢᠭᠠᠳ᠂
      — ᠲᠠ ᠶᠠᠭᠤ ᠬᠠᠷᠠᠭᠠᠳ ᠬᠠᠢᠭᠠᠳ ᠶᠠᠪᠤᠭ᠎ᠠ ᠶᠤᠮ ᠪᠣᠢ ᠭᠡᠵᠦ ᠠᠰᠠᠭᠤᠵᠤ ᠭᠡᠨ᠎ᠡ᠃
        — ᠳᠥᠷᠪᠡᠯᠵᠢᠨ ᠪᠡᠶ᠎ᠡ ᠳ᠋ᠦ᠍ ᠲᠥᠷᠥ ᠪᠤᠯᠢᠶᠠᠯᠳᠤᠳᠠᠭ᠂ ᠲᠥᠷᠥᠭᠰᠡᠨ ᠪᠡᠶ᠎ᠡ ᠳ᠋ᠦ᠍ ᠤᠬᠠᠭᠠᠨ ᠪᠤᠯᠢᠶᠠᠯᠳᠤᠳᠠᠭ ᠰᠢᠳᠡᠷ᠎ᠡ ᠬᠡᠮᠡᠭᠴᠢ ᠶ᠋ᠢ ᠲᠠᠯᠪᠢᠬᠤ ᠬᠥᠮᠦᠨ ᠬᠠᠢᠭᠠᠳ ᠢᠩᠭᠢᠵᠦ ᠶᠠᠪᠤᠳᠠᠭ ᠶᠤᠮ ᠭᠡᠵᠦ ᠰᠢᠮᠨᠤᠰ ᠥᠭᠡᠳᠡ᠎ᠡᠴᠡ ᠨᠢ ᠥᠭᠦᠯᠡᠪᠡᠰᠦ ᠬᠦᠦ᠂
      — ᠲᠡᠭᠡᠪᠡᠯ ᠬᠣᠶᠠᠭᠤᠯᠠ ᠪᠠᠨ ᠳᠡᠪᠲᠡᠷ ᠦ᠋ᠨ ᠴᠢᠨᠡᠭᠡᠨ ᠭᠠᠵᠠᠷ ᠲᠤ᠌ ᠳᠡᠯᠡᠬᠡᠢ ᠶ᠋ᠢᠨ ᠠᠮᠢᠲᠠᠨ ᠢ᠋ ᠳᠠᠢᠲᠤᠭᠤᠯᠵᠤ ᠨᠠᠭᠠᠳᠤᠶ᠎ᠠ ᠭᠡᠵᠦ ᠭᠡᠨ᠎ᠡ᠃
     — ᠠᠮᠠᠨ ᠤ᠋ ᠰᠠᠯᠠᠢ ᠨᠢ ᠠᠷᠢᠯᠤᠭ᠎ᠠ ᠦᠭᠡᠢ ᠠᠯᠳᠠᠷᠠᠢ ᠴᠢ ᠶᠠᠭᠤ ᠬᠡᠯᠡᠨ᠎ᠡ ᠪᠣᠢ? ᠪᠠᠰᠠ ᠰᠢᠳᠡᠷ᠎ᠡ ᠲᠠᠯᠪᠢᠳᠠᠭ ᠪᠠᠢᠬᠤ ᠨᠢ ᠠ᠋᠂ ᠴᠢ ᠭᠡᠳ ᠰᠢᠮᠨᠤᠰ ᠶᠡᠷᠦ ᠲᠣᠭᠣᠭᠰᠠᠨ ᠦᠭᠡᠢ᠃
     ᠭᠡᠲᠡᠯ᠎ᠡ ᠬᠦᠦ ᠱᠠᠯᠠᠭᠠᠳ ᠰᠠᠯᠬᠤ ᠦᠭᠡᠢ ᠳᠠᠭᠠᠭᠠᠳ ᠤᠨᠠᠬᠤ ᠨᠢ ᠲᠡᠷᠡ᠂ ᠬᠣᠶᠠᠭᠤᠯᠠ ᠶᠠᠪᠤᠭᠰᠠᠭᠠᠷ ᠨᠢᠭᠡᠨ ᠭᠡᠷ ᠲᠦ ᠣᠷᠣᠪᠠᠰᠤ ᠰᠢᠳᠡᠷ᠎ᠡ ᠥᠷᠦᠭᠡᠲᠡᠢ ᠪᠡᠯᠡᠨ ᠪᠠᠢᠵᠤ ᠪᠠᠢᠬᠤ ᠶᠤᠮ᠂ ᠲᠣᠭᠯᠠᠭᠠᠳ ᠣᠷᠬᠢᠭᠰᠠᠨ ᠳ᠋ᠤ᠌ ᠬᠣᠶᠠᠭᠤᠯᠠ ᠬᠠᠢᠨᠴᠠᠴᠢᠬᠠᠵᠤ ᠭᠡᠨ᠎ᠡ᠃
     — ᠡᠷ᠎ᠡ ᠶ᠋ᠢ ᠪᠤᠤ ᠪᠠᠰᠤ᠂ ᠳᠠᠯᠠᠢ ᠶ᠋ᠢ ᠪᠤᠤ ᠶᠠᠨᠳᠠ ᠭᠡᠳᠡᠭ ᠰᠠᠨ᠂ ᠵᠢᠷᠠᠨ ᠳᠥᠷᠪᠡᠨ ᠬᠤᠪᠢᠷᠠᠯ ᠢ᠋ ᠵᠢᠭᠠᠯ ᠵᠢᠭᠤᠯ ᠮᠡᠳᠡᠳᠡᠭ ᠰᠦᠷᠡᠬᠡᠢ ᠬᠦᠦ ᠪᠠᠢᠨ᠎ᠠ᠂ ᠣᠳᠣ ᠮᠥᠷᠥᠢ ᠲᠡᠢ ᠲᠣᠭᠯᠠᠨ᠎ᠠ ᠠ᠋  ᠬᠥ ᠭᠡᠳ ᠰᠢᠮᠨᠤᠰ ᠬᠦᠦ ᠳ᠋ᠦ᠍ ᠨᠢᠭᠡ ᠬᠠᠭᠤᠴᠢᠨ ᠰᠡᠯᠡᠮ᠎ᠡ ᠭᠠᠷᠭᠠᠵᠤ ᠥᠭᠪᠡ᠂ ᠭᠡᠲᠡᠯ᠎ᠡ ᠥᠪᠡᠷ ᠦ᠋ᠨ ᠬᠢ ᠨᠢ ᠰᠡᠯᠡᠮ᠎ᠡ ᠰᠠᠢᠬᠠᠨ᠂ ᠰᠢᠪ ᠰᠢᠨᠡᠬᠡᠨ ᠶᠦ᠍ᠮ᠂ ᠲᠡᠭᠡᠭᠡᠳ ᠬᠡᠨ ᠬᠣᠨᠵᠢᠭᠰᠠᠨ ᠨᠢ ᠬᠣᠨᠵᠢᠭᠳᠠᠭᠰᠠᠨ ᠤ᠋ ᠪᠠᠨ ᠲᠣᠯᠣᠭᠠᠢ ᠶ᠋ᠢ ᠠᠪᠬᠤ ᠪᠣᠯᠪᠠ᠃ 
     ᠲᠡᠭᠡᠭᠡᠳ ᠲᠣᠬᠣᠮ ᠤ᠋ᠨ ᠴᠢᠨᠡᠭᠡ ᠳᠥᠷᠪᠡᠯᠵᠢᠨ ᠳᠡᠭᠡᠷ᠎ᠡ ᠲᠣᠭᠯᠠᠵᠤ ᠭᠠᠷᠤᠯ᠎ᠠ ᠲᠡᠷᠡ ᠬᠣᠶᠠᠷ᠃
     ᠲᠡᠭᠡᠲᠡᠯ᠎ᠡ ᠴᠣᠪᠣᠭᠣ ᠬᠦᠦ ᠲᠡᠷᠡ ᠳᠣᠣᠷ᠎ᠠ ᠪᠠᠨ ᠰᠢᠮᠨᠤᠰ ᠢ᠋ ᠬᠣᠨᠵᠢᠵᠤ ᠲᠣᠯᠣᠭᠠᠢ ᠶ᠋ᠢ ᠨᠢ ᠲᠠᠰᠤ ᠴᠠᠪᠴᠢᠵᠤ ᠬᠠᠶᠠᠴᠢᠬᠠᠭᠠᠳ ᠬᠠᠭᠠᠨ ᠤ᠋ ᠬᠢ ᠤᠷᠤᠭᠤ ᠬᠠᠷ᠎ᠠ ᠬᠤᠷᠳᠤ ᠪᠠᠷ ᠢ᠋ᠶ᠋ᠠᠨ ᠭᠦᠶᠦᠵᠦ ᠣᠳᠴᠠᠢ᠃
      — ᠠᠬ᠎ᠠ ᠠ᠋ ᠠᠬ᠎ᠠ ᠠ᠋᠂ ᠡᠭᠡᠴᠢ ᠠ᠋ ᠡᠭᠡᠴᠢ ᠠ᠋᠂ ᠪᠢ ᠨᠥᠬᠥᠭᠡ ᠰᠢᠮᠨᠤᠰ ᠤ᠋ᠨ ᠴᠢᠨᠢ ᠲᠣᠯᠣᠭᠠᠢ ᠶ᠋ᠢ ᠠᠪᠴᠤ ᠬᠠᠶᠠᠴᠢᠬᠠᠭᠠᠳ ᠬᠥᠷᠥᠭᠡᠳ ᠢᠷᠡᠯ᠎ᠡ ᠭᠡᠵᠦ ᠭᠡᠨ᠎ᠡ᠃
      — ᠶᠠᠭᠤ ᠭᠡᠨ᠎ᠡ᠂ ᠬᠤᠳᠠᠯ ᠪᠠᠢ ᠯᠠ ᠦᠭᠡᠢ ᠳᠡ᠂ ᠬᠠᠮᠢᠭ᠎ᠠ ᠲᠡᠭᠡᠵᠦ ᠲᠣᠯᠣᠭᠠᠢ ᠶ᠋ᠢ ᠨᠢ ᠠᠪᠤᠭ᠎ᠠ ᠪᠣᠢ ᠬᠠᠭᠠᠨ᠂ ᠶᠠᠪᠤᠵᠤ ᠦᠵᠡᠶ᠎ᠡ ᠭᠡᠳ ᠤᠯᠤᠰ ᠠᠮᠢᠲᠠᠨ ᠰᠦᠢᠳ ᠮᠠᠢ ᠳᠠ᠃
     ᠰᠢᠮᠨᠤᠰ ᠢ᠋ ᠠᠯᠠᠭᠰᠠᠨ ᠢ᠋ ᠦᠵᠡᠭᠡᠳ ᠲᠡᠳᠡ ᠬᠠᠭᠠᠨ ᠳ᠋ᠤ᠌ ᠪᠠᠨ ᠣᠴᠢᠵᠤ ᠬᠠᠮᠤᠭ ᠤᠴᠢᠷ ᠢ᠋ ᠨᠢ ᠬᠡᠯᠡᠬᠦ ᠪᠡᠷ ᠪᠥᠭᠡᠮ ᠢ᠋ᠶ᠋ᠡᠷ ᠢ᠋ᠶ᠋ᠡᠨ ᠶᠠᠪᠤᠪᠠ ᠭᠡᠨ᠎ᠡ᠂ ᠬᠠᠭᠠᠨ ᠠᠯᠪᠠᠲᠤ ᠨᠠᠷ ᠤ᠋ᠨ ᠢ᠋ᠶ᠋ᠠᠨ ᠦᠭᠡ ᠶ᠋ᠢ ᠲᠤᠭᠤᠯᠤᠭᠠᠳ᠂
     — ᠠᠯᠢᠪ ᠲᠦᠷᠭᠡᠨ ᠣᠭᠣᠰᠣᠷ ᠪᠦᠴᠡ ᠦᠭᠡᠢ ᠤᠷᠲᠤ ᠴᠠᠭᠠᠨ ᠥᠷᠭᠥᠭᠡ ᠭᠡᠷ ᠪᠠᠷᠢᠭᠲᠤᠨ ᠭᠡᠵᠦ ᠭᠡᠨ᠎ᠡ᠂ ᠲᠡᠢᠨ ᠬᠦ᠌ ᠴᠣᠪᠣᠭᠣ ᠬᠦᠦ ᠳ᠋ᠦ᠍ ᠰᠢᠨ᠎ᠡ ᠭᠡᠷ᠂ ᠲᠠᠯ᠎ᠠ ᠳᠦᠭᠦᠷᠡᠩ ᠪᠡᠯᠴᠢᠭᠴᠢ ᠲᠠᠪᠤᠨ ᠬᠣᠰᠢᠭᠤ ᠮᠠᠯ᠂ ᠮᠠᠯ ᠢ᠋ ᠨᠢ ᠬᠠᠷᠠᠵᠤ ᠬᠠᠷᠢᠭᠤᠯᠬᠤ ᠳᠠᠭᠠᠭᠠᠮᠠᠯ ᠬᠦᠷᠲᠡᠯ᠎ᠡ ᠭᠠᠷᠭᠠᠵᠤ ᠥᠭᠴᠦ᠂ ᠠᠪᠤ ᠡᠵᠢ ᠶ᠋ᠢ ᠨᠢ ᠠᠯᠤᠰ ᠨᠤᠲᠤᠭ᠎ᠠᠴᠠ ᠨᠡᠭᠦᠯᠭᠡᠨ ᠠᠪᠴᠢᠷᠠᠵᠤ ᠡᠯᠢᠭᠡ ᠪᠦᠲᠦᠨ ᠪᠣᠯᠭᠠᠪᠠ᠂ ᠭᠠᠭᠴᠠ ᠬᠦᠦ ᠨᠢ ᠬᠠᠭᠠᠨ ᠳ᠋ᠤ᠌ ᠥᠪᠡᠷ ᠢ᠋ ᠪᠡᠨ ᠬᠤᠳᠠᠯᠳᠤᠵᠤ ᠲᠤᠯᠤᠮ ᠠᠯᠲᠠ ᠲᠡᠳᠡᠨ ᠳ᠋ᠦ᠍ ᠥᠭᠭᠦᠭᠦᠯᠦᠭᠰᠡᠨ ᠨᠢ ᠳᠤᠮᠳᠠᠷᠠᠭ᠎ᠠ ᠴᠤ᠌ ᠦᠭᠡᠢ ᠪᠠᠢᠵᠠᠢ᠃
    ᠲᠡᠢᠨ ᠬᠦ᠌ ᠴᠣᠪᠣᠭᠣ ᠬᠦᠦ ᠠᠪᠤ ᠡᠵᠢ ᠲᠡᠢ ᠪᠡᠨ ᠠᠮᠤᠷ ᠰᠠᠢᠬᠠᠨ ᠳ᠋ᠤ᠌ ᠪᠠᠨ ᠵᠢᠷᠭᠠᠵᠠᠢ᠃

ᠱ· ᠰᠠᠷᠠᠨᠭᠡᠷᠡᠯ ᠦᠯᠢᠭᠡᠷᠴᠢᠯᠡᠨ ᠤᠩᠰᠢᠪᠠ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠠᠯᠲᠠᠨᠴᠢᠮᠡᠭ