ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ-ᠬᠡᠷᠡᠢᠳ ᠮᠥᠩᠬᠡᠨᠠᠰᠤᠨХүүхдээрээ байх сайхан-Хэрэйд Мөнхнасан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ-ᠬᠡᠷᠡᠢᠳ ᠮᠥᠩᠬᠡᠨᠠᠰᠤᠨХүүхдээрээ байх сайхан-Хэрэйд Мөнхнасан

ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ-ᠬᠡᠷᠡᠢᠳ ᠮᠥᠩᠬᠡᠨᠠᠰᠤᠨХүүхдээрээ байх сайхан-Хэрэйд Мөнхнасан

2025-04-23

793

ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ

          —ᠠᠯᠲᠠ ᠪᠠᠷ ᠰᠣᠯᠢᠬᠤ ᠦᠭᠡᠢ ᠬᠠᠷᠠᠬᠠᠨ ᠪᠠᠭ᠎ᠠ ᠨᠠᠰᠤ 
              ᠠᠯᠳᠠᠵᠤ ᠪᠣᠯᠬᠤ ᠦᠭᠡᠢ ᠬᠠᠢᠷᠠᠨ ᠪᠠᠯᠴᠢᠷ ᠴᠠᠭ 

             ᠵᠣᠬᠢᠶᠠᠭᠴᠢ᠄ ᠬᠡᠷᠡᠢᠳ ᠮᠥᠩᠬᠡᠨᠠᠰᠤᠨ 
            ᠤᠶᠠᠩᠭᠠᠯᠠᠭᠴᠢ᠄ ᠠᠰᠠᠨ᠎ᠠ᠂ ᠠᠯᠢᠶ᠎ᠠ 

ᠬᠤᠷᠠᠭ᠎ᠠ ᠲᠤᠭᠤᠯ ᠲᠠᠢ ᠪᠠᠨ ᠨᠣᠴᠣᠯᠳᠤᠨ 
ᠬᠤᠷᠤᠳ ᠪᠢᠰᠢᠯᠠᠭ ᠬᠤᠪᠢᠶᠠᠯᠴᠠᠨ 
ᠬᠣᠨᠢᠨ ᠤ᠋ ᠪᠠᠨ ᠪᠡᠯᠴᠢᠭᠡᠷ ᠲᠦ᠍ ᠳᠡᠷᠪᠡᠵᠦ 
ᠬᠣᠩᠭᠣᠷ ᠡᠵᠢ ᠳ᠋ᠦ᠍ ᠪᠡᠨ ᠡᠷᠬᠡᠯᠡᠨ 
 
ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ 
ᠬᠣᠭᠣᠷᠮᠠᠭ᠂ ᠲᠣᠰᠣ᠂ ᠥᠷᠥᠮ᠎ᠡ᠂ᠴᠥᠷᠮ᠎ᠡ 
ᠭᠣᠭᠣᠳ᠂ ᠳᠠᠭᠠᠨ᠎ᠠ᠂ ᠲᠡᠮᠡᠭᠡᠨ ᠬᠥᠬᠥ 
ᠠᠪᠤ ᠶ᠋ᠢᠨ ᠶᠠᠷᠢᠳᠠᠭ 《ᠪᠠᠯᠭᠠᠨᠰᠠᠩ》

ᠠᠬ᠎ᠠ ᠪᠠᠨ ᠠᠶᠤᠯᠭᠠᠳᠠᠭ ᠵᠣᠷᠢᠭᠠᠷ ᠵᠠᠩ
ᠠᠷᠤ ᠠ᠋ᠴᠠ ᠴᠤᠪᠤᠷᠠᠬᠤ ᠳᠡᠭᠦᠦ ᠨᠠᠷ ᠤ᠋ᠨ ᠪᠠᠷ᠎ᠠ
ᠠᠶᠤᠬᠤ ᠮᠠᠲᠠᠯ ᠦᠭᠡᠢ ᠬᠥᠭᠡᠷᠦᠦ ᠪᠣᠳᠣᠯ
ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ

ᠥᠩᠭᠡ ᠲᠡᠢ ᠪᠦᠬᠦᠨ ᠢ᠋ ᠡᠮᠦᠰᠴᠦ
ᠲᠣᠯᠢ ᠦᠭᠡᠢ ᠴᠦ᠍ ᠭᠡᠰᠡᠨ
ᠰᠡᠭᠦᠳᠡᠷ ᠢ᠋ᠶ᠋ᠡᠨ ᠬᠠᠷᠠᠨ ᠪᠠᠶᠠᠰᠬᠤ
ᠥᠭᠡᠳᠡᠷᠡᠭ ᠠᠮᠢᠳᠤᠷᠠᠯ ᠳ᠋ᠤ᠌ ᠪᠠᠨ ᠴᠠᠳᠴᠤ

ᠲᠣᠭ᠎ᠠ ᠮᠡᠳᠡᠬᠦ ᠦᠭᠡᠢ ᠴᠦ᠍ ᠭᠡᠰᠡᠨ
ᠲᠤᠭᠤᠯ ᠢ᠋ᠶ᠋ᠠᠨ ᠵᠢᠰᠦ ᠪᠡᠷ ᠨᠢ ᠲᠠᠨᠢᠴᠢᠬᠠᠳᠠᠭ
ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ
ᠰᠢᠨᠡᠯᠡᠶ᠎ᠡ ᠭᠡᠳ ᠴᠠᠭᠠᠨ ᠰᠠᠷ᠎ᠠ ᠪᠠᠨ ᠬᠦᠯᠢᠶᠡᠴᠢᠬᠡᠭᠰᠡᠨ

ᠰᠢᠬᠢᠷ ᠲᠦ ᠭᠣᠷᠢᠯᠠᠨ ᠠᠪᠤ ᠶ᠋ᠢᠨ ᠢ᠋ᠶ᠋ᠡᠨ ᠪᠠᠷ᠎ᠠ ᠶ᠋ᠢ ᠬᠠᠷᠠᠴᠢᠬᠠᠭᠰᠠᠨ
ᠨᠠᠭᠠᠳᠤᠮ ᠳ᠋ᠤ᠌ ᠰᠢᠨᠤᠨ ᠨᠠᠷᠠᠨ ᠰᠢᠷᠭᠠᠯ ᠢ᠋ᠶ᠋ᠠᠷ ᠪᠣᠷᠣᠯᠠᠴᠢᠬᠠᠭᠰᠠᠨ
ᠨᠠᠷᠭᠢᠯ ᠬᠥᠭᠡᠷᠦᠦ ᠣᠢ ᠲᠣᠢᠨ ᠦᠭᠡᠢ ᠳᠡᠮᠡᠢᠷᠡᠴᠢᠬᠡᠭᠰᠡᠨ
ᠦᠨᠡᠨ ᠬᠤᠳᠠᠯ ᠢ᠋ ᠮᠡᠳᠡᠬᠦ ᠴᠦ᠍ ᠦᠭᠡᠢ

ᠤᠢᠳᠬᠠᠷ ᠭᠤᠨᠢᠭ ᠢ᠋ ᠤᠬᠠᠬᠤ ᠴᠤ᠌ ᠦᠭᠡᠢ
ᠮᠣᠷᠢ ᠭᠡᠪᠡᠯ ᠪᠤᠷᠭᠠᠰᠤ ᠵᠠᠢᠳᠠᠯᠠᠴᠢᠬᠠᠭᠰᠠᠨ
ᠮᠣᠲ᠋ᠣᠷ ᠭᠡᠪᠡᠯ ᠠᠮᠠ ᠪᠠᠷ ᠢ᠋ᠶ᠋ᠠᠨ ᠫᠠᠷᠴᠢᠭᠢᠨᠠᠴᠢᠬᠠᠭᠰᠠᠨ
ᠬᠡᠦᠬᠡᠳ ᠢ᠋ᠶ᠋ᠡᠷ ᠢ᠋ᠶ᠋ᠡᠨ ᠪᠠᠢᠬᠤ ᠳᠠᠩᠴᠤ ᠰᠠᠢᠬᠠᠨ ᠁

ᠦᠰᠦᠭ ᠠᠮᠢᠯᠠᠭᠤᠯᠤᠭᠴᠢ᠄ᠬᠡᠷᠡᠢᠳ· ᠮᠥᠩᠬᠡᠨᠠᠰᠤᠨ
ᠦᠰᠦᠭ ᠬᠠᠲᠠᠭᠴᠢ᠄ ᠥᠯᠵᠡᠢᠪᠠᠭᠠᠲᠤᠷ
 ᠬᠢᠨᠠᠭᠴᠢ᠄ ᠣᠳᠬᠠᠨᠰᠣ᠎ᠠ