ᠲᠩᠷᠢᠯᠢᠭ ᠵᠠᠶᠠᠭᠠᠨ ᠤ ᠬᠤᠷᠤᠢ -ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠲᠩᠷᠢᠯᠢᠭ ᠵᠠᠶᠠᠭᠠᠨ ᠤ ᠬᠤᠷᠤᠢ
ᠨᠠᠷᠠᠨ ᠡᠷᠭᠢᠬᠦ ᠪᠤᠶᠠᠨᠲᠤ ᠲᠠᠯ᠎ᠠ ᠶ᠋ᠢᠨ ᠢ᠋ᠶ᠋ᠡᠨ ᠠᠭᠤᠳᠠᠮ ᠠ᠋ᠴᠠ ᠳᠠᠭᠤᠳᠠᠩᠬᠠᠨ ᠬᠤᠷᠤᠢᠯᠠᠶ᠎ᠠ ᠂
ᠰᠠᠷᠠᠨ ᠮᠠᠨᠳᠤᠬᠤ ᠪᠤᠭᠤᠷᠤᠯ ᠠᠭᠤᠯᠠᠰ ᠤ᠋ᠨ ᠢ᠋ᠶ᠋ᠠᠨ ᠥᠨᠳᠥᠷ ᠡᠴᠡ ᠲᠠᠯᠠᠯᠠᠩᠬᠠᠨ ᠬᠤᠷᠤᠢᠯᠠᠶ᠎ᠠ᠃
ᠲᠩᠷᠢ ᠨᠢ ᠠᠮᠠᠷᠠᠬᠤ ᠴᠡᠩᠬᠡᠷ ᠨᠠᠭᠤᠷ ᠤ᠋ᠨ ᠢ᠋ᠶ᠋ᠠᠨ ᠭᠦᠨ ᠡᠴᠡ ᠬᠦᠰᠡᠩᠭᠡᠨ ᠬᠤᠷᠤᠢᠯᠠᠶ᠎ᠠ ᠂
ᠭᠠᠵᠠᠷ ᠵᠢᠷᠭᠠᠬᠤ ᠬᠣᠩᠭᠣᠷᠬᠠᠨ ᠴᠡᠴᠡᠭᠡᠰ ᠦ᠋ᠨ ᠳᠡᠯᠪᠢ ᠡᠴᠡ ᠰᠢᠪᠰᠢᠩᠬᠡᠨ ᠬᠤᠷᠤᠢᠯᠠᠶ᠎ᠠ᠃
ᠬᠤᠷᠤᠢ ᠬᠤᠷᠤᠢ
ᠬᠥᠬᠡ ᠲᠩᠷᠢ ᠶ᠋ᠢᠨ ᠵᠠᠶᠠᠭᠠᠨ ᠤ᠋ ᠬᠡᠢᠮᠣᠷᠢ ᠰᠦᠯᠳᠡ ᠪᠠᠳᠠᠷᠠᠲᠤᠭᠠᠢ᠂
ᠬᠦᠯᠦᠭ ᠨᠢ ᠬᠤᠷᠳᠤᠨ ᠮᠢᠨᠦ ᠥᠪᠥᠷ ᠮᠣᠩᠭᠣᠯ ᠬᠡᠰᠢᠭ ᠪᠤᠶᠠᠨ ᠳᠡᠯᠭᠡᠷᠡᠲᠦᠭᠡᠢ᠃
ᠠᠯᠳᠠᠯᠠᠨ ᠳᠡᠯᠭᠡᠬᠦ ᠥᠯᠵᠡᠢᠲᠦ ᠬᠠᠳᠠᠭ ᠤ᠋ᠨ ᠢ᠋ᠶ᠋ᠠᠨ ᠠᠮᠠ ᠪᠠᠷ ᠢᠷᠦᠭᠡᠩᠬᠡᠨ ᠬᠤᠷᠤᠢᠯᠠᠶ᠎ᠠ᠂
ᠠᠶᠠᠭᠠᠯᠠᠨ ᠳᠡᠭᠡᠵᠢᠯᠡᠬᠦ ᠠᠷᠢᠭᠤᠨ ᠰᠦᠨ ᠦ᠌ ᠪᠡᠨ ᠰᠠᠴᠤᠯᠢ ᠪᠠᠷ ᠮᠢᠯᠢᠶᠠᠩᠬᠠᠨ ᠬᠤᠷᠤᠢᠯᠠᠶ᠎ᠠ᠃
ᠡᠰᠡᠨᠢᠨ ᠳᠦᠷᠡᠯᠵᠡᠬᠦ ᠠᠯᠲᠠᠨ ᠲᠤᠯᠭᠠᠨ ᠤ᠋ ᠪᠠᠨ ᠭᠠᠯ ᠢ᠋ᠶ᠋ᠠᠷ ᠰᠦᠵᠦᠭᠯᠡᠩᠬᠡᠨ ᠬᠤᠷᠤᠢᠯᠠᠶ᠎ᠠ᠂
ᠠᠶᠠᠯᠠᠨ ᠳᠠᠭᠤᠯᠠᠬᠤ ᠢᠷᠠᠭᠤᠬᠠᠨ ᠳᠠᠭᠤᠨ ᠤ᠋ ᠪᠠᠨ ᠡᠬᠡᠰᠢᠭ ᠢ᠋ᠶ᠋ᠡᠷ ᠳᠠᠭᠤᠯᠠᠩᠬᠠᠨ ᠬᠤᠷᠤᠢᠯᠠᠶ᠎ᠠ᠃
ᠬᠤᠷᠤᠢ ᠬᠤᠷᠤᠢ
ᠬᠥᠬᠡ ᠲᠩᠷᠢ ᠶ᠋ᠢᠨ ᠵᠠᠶᠠᠭᠠᠨ ᠤ᠋ ᠠᠰᠢᠳᠠ ᠢᠷᠦᠭᠡᠯ ᠣᠷᠣᠰᠢᠲᠤᠭᠠᠢ᠂
ᠬᠦᠰᠡᠯ ᠦ᠋ᠨ ᠰᠠᠢᠬᠠᠨ ᠮᠢᠨᠦ ᠠᠷᠠᠳ ᠲᠦᠮᠡᠨ ᠠᠮᠤᠷ ᠮᠡᠨᠳᠦ ᠵᠢᠷᠭᠠᠲᠤᠭᠠᠢ᠂
ᠬᠤᠷᠤᠢ ᠬᠤᠷᠤᠢ
ᠬᠥᠬᠡ ᠲᠩᠷᠢ ᠶ᠋ᠢᠨ ᠵᠠᠶᠠᠭᠠᠨ ᠤ᠋ ᠠᠰᠢᠳᠠ ᠢᠷᠦᠭᠡᠯ ᠣᠷᠣᠰᠢᠲᠤᠭᠠᠢ᠂
ᠬᠦᠰᠡᠯ ᠦ᠋ᠨ ᠰᠠᠢᠬᠠᠨ ᠮᠢᠨᠦ ᠠᠷᠠᠳ ᠲᠦᠮᠡᠨ ᠠᠮᠤᠷ ᠮᠡᠨᠳᠦ ᠵᠢᠷᠭᠠᠲᠤᠭᠠᠢ᠂
ᠠᠮᠤᠷ ᠮᠡᠨᠳᠦ ᠵᠢᠷᠭᠠᠲᠤᠭᠠᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
