ᠰᠠᠢᠨ ᠵᠦᠩ ᠦ᠋ᠨ ᠮᠢᠨᠢ ᠨᠤᠲᠤᠭ-ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠰᠠᠢᠨ ᠵᠦᠩ ᠦ᠋ᠨ ᠮᠢᠨᠢ ᠨᠤᠲᠤᠭ
ᠦᠭᠡ᠄ ᠰᠡᠴᠡᠨᠪᠠᠲᠤ
ᠠᠶ᠎ᠠ᠄ ᠰᠠᠢᠨᠴᠣᠭᠲᠣ
ᠳᠠᠭᠤᠴᠢᠨ᠄ ᠡᠷᠳᠡᠨᠢᠴᠢᠮᠡᠭ
ᠨᠣᠮᠢᠨ ᠮᠠᠨᠳᠠᠯ ᠲᠠᠢ ᠨᠤᠲᠤᠭ ᠤ᠋ᠨ ᠮᠢᠨᠢ ᠥᠷᠥᠴᠡᠨ ᠳ᠋ᠦ᠍ᠨᠢ
ᠨᠡᠭᠦᠳᠡᠯᠴᠢᠨ ᠰᠢᠪᠠᠭᠤᠳ ᠤ᠋ᠨ ᠴᠤᠪᠤᠭ᠎ᠠ ᠲᠠᠢ ᠪᠢᠯᠡ
ᠨᠠᠷᠮᠠᠢ ᠠᠭᠤᠳᠠᠮᠬᠠᠨ ᠬᠣᠷᠸ᠎ᠠ ᠶ᠋ᠢᠨ ᠪᠠᠭᠤᠴᠠᠨ ᠳ᠋ᠤᠨᠢ
ᠨᠤᠲᠤᠭ ᠮᠢᠨᠢ ᠲᠠᠢᠪᠤᠭᠤᠬᠠᠨ ᠡᠩᠬᠦᠷᠡᠢ ᠶᠦᠮ ᠪᠢᠯᠡ᠃
ᠠᠢ ᠬᠦ
ᠰᠠᠨᠠᠵᠤ ᠪᠣᠳᠣᠬᠤ ᠶ᠋ᠢᠨ ᠬᠢᠵᠠᠭᠠᠷ ᠦᠭᠡᠢ
ᠰᠠᠢᠨ ᠵᠦᠩ ᠦ᠋ᠨ ᠮᠢᠨᠢ ᠨᠤᠲᠤᠭ ᠪᠢᠯᠡ
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ
ᠰᠠᠯᠬᠤ ᠶ᠋ᠢᠨ ᠠᠷᠭ᠎ᠠ ᠦᠭᠡᠢ ᠣᠷᠣᠨ ᠪᠢᠯᠡ᠃
ᠠᠭᠤᠯᠠ ᠠᠭᠤᠯᠠ ᠶ᠋ᠢᠨ ᠮᠢᠨᠢ ᠨᠣᠶᠠᠨ ᠰᠠᠷᠢᠳᠠᠭ ᠲᠤ᠌ ᠨᠢ
ᠡᠪᠦᠭᠡᠳ ᠦ᠋ᠨ ᠮᠢᠨᠢ ᠬᠡᠢᠮᠣᠷᠢ ᠶ᠋ᠢᠨ ᠳᠠᠷᠴᠤᠭ ᠲᠠᠢ ᠪᠢᠯᠡ
ᠤᠰᠤ ᠤᠰᠤᠨ ᠤ᠋ ᠮᠢᠨᠢ ᠪᠣᠷᠭᠢᠯ ᠡᠬᠢᠨ ᠳ᠋ᠦ᠍ᠨᠢ
ᠡᠮᠡᠭᠡᠳ ᠦ᠋ᠨ ᠮᠢᠨᠢ ᠠᠷᠢᠭᠤᠨ ᠰᠠᠴᠤᠯᠢ ᠲᠠᠢ ᠪᠢᠯᠡ᠃
ᠠᠢ ᠬᠦ
ᠰᠠᠨᠠᠵᠤ ᠪᠣᠳᠣᠬᠤ ᠶ᠋ᠢᠨ ᠬᠢᠵᠠᠭᠠᠷ ᠦᠭᠡᠢ
ᠰᠠᠢᠨ ᠵᠦᠩ ᠦ᠋ᠨ ᠮᠢᠨᠢ ᠨᠤᠲᠤᠭ ᠪᠢᠯᠡ
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ
ᠰᠠᠯᠬᠤ ᠶ᠋ᠢᠨ ᠠᠷᠭ᠎ᠠ ᠦᠭᠡᠢ ᠣᠷᠣᠨ ᠪᠢᠯᠡ᠃
ᠳᠤᠷᠳᠤᠩ ᠵᠡᠷᠭᠡᠯᠭᠡᠨ ᠲᠡᠢ ᠭᠣᠪᠢ ᠬᠠᠩᠭᠠᠢ ᠳ᠋ᠤ᠌ ᠮᠢᠨᠢ
ᠳᠠᠭᠤᠷᠢᠰᠤᠯ ᠠᠯᠳᠠᠷ ᠤ᠋ᠨ ᠮᠢᠨᠢ ᠰᠦᠯᠳᠡ ᠲᠡᠢ ᠪᠢᠯᠡ
ᠳᠠᠭᠤᠯᠠᠭᠠᠳ ᠲᠤᠤᠯᠢᠭᠠᠳ ᠪᠠᠷᠠᠰᠢ ᠦᠭᠡᠢ
ᠳᠤᠯᠠᠭᠠᠬᠠᠨ ᠥᠯᠥᠭᠡᠢ ᠨᠤᠲᠤᠭ ᠮᠢᠨᠢ ᠪᠢᠯᠡ᠃
ᠠᠢ ᠬᠦ
ᠰᠠᠨᠠᠵᠤ ᠪᠣᠳᠣᠬᠤ ᠶ᠋ᠢᠨ ᠬᠢᠵᠠᠭᠠᠷ ᠦᠭᠡᠢ
ᠰᠠᠢᠨ ᠵᠦᠩ ᠦ᠋ᠨ ᠮᠢᠨᠢ ᠨᠤᠲᠤᠭ ᠪᠢᠯᠡ
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ
ᠰᠠᠯᠬᠤ ᠶ᠋ᠢᠨ ᠠᠷᠭ᠎ᠠ ᠦᠭᠡᠢ ᠣᠷᠣᠨ ᠪᠢᠯᠡ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
