ᠭᠠᠳᠢᠷ᠎ᠠ ᠶ᠋ᠢᠨ ᠵᠢᠮᠢᠰГадрын жимсGadryn jims ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠳᠢᠷ᠎ᠠ ᠶ᠋ᠢᠨ ᠵᠢᠮᠢᠰГадрын жимсGadryn jims

ᠭᠠᠳᠢᠷ᠎ᠠ ᠶ᠋ᠢᠨ ᠵᠢᠮᠢᠰГадрын жимсGadryn jims

2025-04-22

234

ᠭᠠᠳᠢᠷ᠎ᠠ ᠶ᠋ᠢᠨ ᠵᠢᠮᠢᠰ

   ᠲᠤᠰ ᠡᠮ ᠪᠣᠯ ᠴᠠᠩᠬᠤᠢ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠬᠦᠷᠡᠩ ᠬᠠᠢᠲᠠᠩ ᠴᠡᠴᠡᠭ ᠪᠣᠯᠤᠨ ᠭᠠᠳᠢᠷ᠎ᠠ ᠶ᠋ᠢᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ᠃ ᠡᠮᠦᠨᠡᠬᠢ ᠶ᠋ᠢ ᠨᠢ ᠦᠷᠴᠢᠭᠢᠷ ᠭᠠᠳᠢᠷ᠎ᠠ ᠭᠡᠵᠦ᠂ ᠬᠣᠢᠨᠠᠬᠢ ᠶ᠋ᠢ ᠨᠢ ᠭᠢᠯᠦᠭᠡᠷ ᠭᠠᠳᠢᠷ᠎ᠠ ᠭᠡᠳᠡᠭ᠃ ᠪᠠᠰᠠ ᠮᠣᠵᠣᠷ ᠵᠢᠮᠢᠰ᠂ ᠪᠢᠯᠤ᠎ᠠ ᠭᠡᠳᠡᠭ᠃
   [ ᠤᠤᠯ ᠤᠷᠭᠤᠮᠠᠯ]1. ᠬᠦᠷᠡᠩ ᠬᠠᠢᠲᠠᠨ ᠴᠡᠴᠡᠭ    ᠪᠤᠲᠠ ᠮᠣᠳᠣ᠂2 ~ 3m ᠥᠨᠳᠥᠷ᠃ ᠮᠥᠴᠢᠷ ᠨᠢ ᠤᠯᠠᠪᠤᠷ ᠥᠩᠭᠡ ᠲᠡᠢ᠂ ᠥᠷᠭᠡᠰᠦ ᠲᠡᠢ᠃ ᠨᠠᠪᠴᠢᠨ ᠪᠠᠷᠢᠭᠤᠯ ᠨᠢ3 ~ 15mm ᠤᠷᠲᠤ᠃ ᠲᠣᠰᠬᠣᠭᠤᠷ ᠨᠠᠪᠴᠢ ᠨᠢ ᠬᠠᠭᠠᠰ ᠲᠣᠭᠣᠷᠢᠭ ᠬᠡᠯᠪᠡᠷᠢ ᠲᠡᠢ᠃ ᠨᠠᠪᠴᠢᠨ ᠢᠯᠲᠠᠰᠤ ᠨᠢ ᠥᠨᠳᠡᠭᠡᠯᠵᠢᠨ ᠡᠴᠡ ᠵᠤᠤᠪᠠᠩᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠬᠣ ᠪᠤᠶᠤ ᠮᠤᠬᠤᠷ ᠲᠣᠭᠣᠷᠢᠭ ᠦᠵᠦᠭᠦᠷ ᠲᠡᠢ᠂ ᠨᠠᠪᠴᠢᠨ ᠤ᠋ ᠥᠪᠥᠷ ᠨᠢ ᠨᠣᠭᠣᠭᠠᠨ᠂ ᠠᠷᠤ ᠨᠢ ᠭᠦᠢᠬᠡᠨ ᠨᠣᠭᠣᠭᠠᠨ᠃ ᠴᠡᠴᠡᠭ ᠨᠢ ᠬᠡᠳᠦᠨ ᠬᠦᠢᠰ ᠢ᠋ᠶ᠋ᠡᠷ ᠪᠤᠲᠠᠯᠠᠨ ᠳᠡᠯᠭᠡᠷᠡᠨ᠎ᠡ᠃ ᠤᠯᠠᠭᠠᠨ᠂ ᠴᠠᠭᠠᠨ ᠪᠤᠶᠤ ᠶᠠᠭᠠᠨ ᠥᠩᠭᠡ ᠲᠡᠢ ᠴᠦ᠍ ᠪᠣᠢ᠂ ᠴᠡᠴᠡᠭ ᠦ᠋ᠨ ᠪᠠᠷᠢᠭᠤᠯ ᠨᠢ ᠮᠠᠰᠢ ᠣᠬᠣᠷ᠃ ᠴᠡᠴᠡᠭ ᠦ᠋ᠨ ᠲᠣᠭᠳᠣᠢ ᠨᠢ5᠂ ᠰᠢᠯᠤᠭᠤᠨ᠂ ᠪᠣᠷᠣ ᠤᠯᠠᠭᠠᠨ ᠥᠩᠭᠡ ᠲᠡᠢ᠂ ᠤᠷᠲᠤᠯᠵᠢᠨ ᠲᠣᠭᠣᠷᠢᠭ ᠬᠡᠯᠪᠡᠷᠢ ᠲᠡᠢ᠂5mm ᠣᠷᠴᠢᠮ ᠤᠷᠲᠤ᠃ ᠣᠯᠠᠨ ᠡᠷ᠎ᠡ ᠲᠣᠭᠣᠷᠴᠣᠭ ᠲᠠᠢ ᠪᠥᠭᠡᠳ4 ᠳᠡᠭᠲᠡᠷ ᠬᠤᠪᠢᠶᠠᠭᠳᠠᠨ᠎ᠠ᠃ ᠡᠮ᠎ᠡ ᠲᠣᠭᠣᠷᠴᠣᠭ ᠨᠢ1·5 ᠲᠠᠰᠤᠭ ᠲᠠᠢ᠂ ᠴᠡᠴᠡᠭ ᠦ᠋ᠨ ᠪᠠᠭᠠᠨ᠎ᠠ ᠨᠢ5᠃ ᠠᠯᠢᠮ᠎ᠠ ᠵᠢᠮᠢᠰ ᠨᠢ ᠥᠨᠳᠡᠭᠡᠯᠵᠢᠨ ᠪᠤᠶᠤ ᠪᠥᠮᠪᠦᠭᠡᠨ ᠬᠡᠯᠪᠡᠷᠢ ᠲᠡᠢ᠂ ᠳ᠋ᠢᠶᠠᠮᠧᠲ᠋ᠷ ᠨᠢ4 ~ 6cm᠂ ᠰᠢᠷ᠎ᠠ ᠪᠤᠶᠤ ᠰᠢᠷᠠᠩᠭᠤᠢ ᠨᠣᠭᠣᠭᠠᠨ ᠥᠩᠭᠡ ᠲᠡᠢ᠂ ᠠᠩᠬᠢᠯᠤᠮ᠎ᠠ ᠦᠨᠦᠷ ᠲᠡᠢ᠃3 ~ 4 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂9 ~ 10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
  2. ᠭᠠᠳᠢᠷ᠎ᠠ   ᠨᠠᠪᠴᠢ ᠵᠤᠯᠭᠠᠷᠠᠬᠤ ᠪᠤᠲᠠ ᠮᠣᠳᠣ ᠪᠤᠶᠤ ᠲᠤᠷᠤᠭ ᠮᠣᠳᠣ᠂10m ᠣᠷᠴᠢᠮ ᠥᠨᠳᠥᠷ᠃ ᠵᠢᠵᠢᠭ ᠮᠥᠴᠢᠷ ᠲᠤᠨᠢ ᠥᠷᠭᠡᠰᠦ ᠦᠭᠡᠢ᠃ ᠳᠠᠩ ᠨᠠᠪᠴᠢ ᠨᠢ ᠴᠤᠪᠤᠷᠠᠨ ᠤᠷᠭᠤᠨ᠎ᠠ᠂ ᠵᠣᠣᠪᠠᠩᠯᠢᠭ ᠥᠨᠳᠡᠭᠡᠯᠵᠢᠨ᠂ ᠤᠷᠲᠤᠯᠵᠢᠨ ᠵᠤᠤᠪᠠᠩ ᠪᠤᠶᠤ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂5 ~ 8cm ᠤᠷᠲᠤ᠂3 ~ 5cm ᠥᠷᠭᠡᠨ᠂ ᠬᠤᠷᠴᠠ ᠱᠣᠪᠬᠣ ᠦᠵᠦᠭᠦᠷ ᠲᠡᠢ᠂ ᠨᠠᠪᠴᠢᠨ ᠪᠠᠷᠢᠭᠤᠯ ᠤ᠋ᠨ ᠬᠣᠶᠠᠷ ᠬᠠᠵᠠᠭᠤ ᠪᠠ ᠲᠣᠰᠬᠣᠭᠤᠷ ᠨᠠᠪᠴᠢᠨ ᠤ᠋ ᠬᠥᠪᠡᠭᠡ ᠪᠡᠷ ᠨᠢ ᠪᠦᠷ ᠪᠤᠯᠴᠢᠷᠬᠠᠢ ᠲᠠᠢ ᠲᠣᠰᠬᠣᠭᠤᠷ ᠨᠠᠪᠴᠢ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠴᠡᠴᠡᠭ ᠨᠢ ᠭᠠᠭᠴᠠᠭᠠᠷ ᠮᠥᠴᠢᠷ ᠦ᠋ᠨ ᠣᠷᠣᠢ ᠳ᠋ᠤ᠌ ᠳᠡᠯᠭᠡᠷᠡᠨ᠎ᠡ᠂ ᠳ᠋ᠢᠶᠠᠮᠧᠲ᠋ᠷ ᠨᠢ3cm ᠣᠷᠴᠢᠮ᠃ ᠲᠣᠭᠳᠣᠢ ᠨᠢ ᠬᠤᠩᠬ᠎ᠠ ᠬᠡᠯᠪᠡᠷᠢ ᠲᠡᠢ᠂5 ᠣᠨᠢ ᠲᠠᠢ᠂ ᠰᠡᠵᠢᠭᠦᠷ ᠢᠯᠲᠠᠰᠤ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂8 ~ 10mm ᠤᠷᠲᠤ᠂ ᠮᠠᠲᠠᠷᠢᠨ᠎ᠠ᠃ ᠴᠡᠴᠡᠭ ᠦ᠋ᠨ ᠬᠡᠯᠲᠡᠰ ᠨᠢ ᠭᠦᠢᠬᠡᠨ ᠤᠯᠠᠭᠠᠨ᠂ ᠲᠣᠩᠭᠣᠷᠤᠤ ᠥᠨᠳᠡᠭᠡᠯᠵᠢᠨ ᠵᠤᠤᠪᠠᠩ ᠬᠡᠯᠪᠡᠷᠢ ᠲᠡᠢ᠂1.5mm ᠣᠷᠴᠢᠮ ᠤᠷᠲᠤ᠂ ᠵᠢᠭᠠᠬᠠᠨ ᠳᠣᠯᠭᠢᠶᠠᠯᠢᠭ ᠬᠥᠪᠡᠭᠡ ᠲᠡᠢ᠃ ᠣᠯᠠᠨ ᠡᠷ᠎ᠡ ᠲᠣᠭᠣᠷᠴᠣᠭ ᠲᠠᠢ᠃ ᠤᠮᠠᠢ ᠨᠢ5 ᠲᠠᠰᠤᠭ ᠲᠠᠢ᠂5 ᠴᠡᠴᠡᠭ ᠦ᠋ᠨ ᠪᠠᠭᠠᠨ᠎ᠠ ᠲᠠᠢ᠃ ᠠᠯᠢᠮ᠎ᠠ ᠵᠢᠮᠢᠰ ᠨᠢ ᠤᠷᠲᠤ ᠵᠤᠤᠪᠠᠩ ᠪᠤᠶᠤ ᠲᠣᠩᠭᠣᠷᠤᠤ ᠥᠨᠳᠡᠭᠡᠯᠵᠢᠨ ᠲᠣᠭᠣᠷᠢᠭ ᠬᠡᠯᠪᠡᠷᠢ ᠲᠡᠢ᠂10 ~ 15cm ᠤᠷᠲᠤ᠂ ᠪᠦᠳᠡᠭᠢ ᠰᠢᠷ᠎ᠠ ᠥᠩᠭᠡ ᠲᠡᠢ᠂ ᠮᠣᠳᠣᠯᠢᠭ᠂4 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂9 ~ 10 ᠳ᠋ᠤᠭᠠᠷ ᠰᠠᠷ᠎ᠠ ᠳ᠋ᠤ᠌ ᠪᠣᠯᠪᠠᠰᠤᠷᠠᠨ᠎ᠠ᠃
   [ᠤᠷᠭᠤᠬᠤ ᠣᠷᠴᠢᠨ ᠬᠢᠭᠡᠳ ᠲᠠᠷᠬᠠᠴᠠ] ᠶᠡᠷᠦ ᠳ᠋ᠡᠭᠡᠨ ᠠᠷᠠᠴᠢᠯᠠᠨ ᠲᠠᠷᠢᠵᠤ ᠪᠠᠢᠳᠠᠭ ᠬᠦᠷᠡᠩ ᠬᠠᠢᠲᠠᠨ ᠴᠡᠴᠡᠭ ᠪᠣᠯ ᠱᠠᠨᠰᠢ᠂ ᠭᠠᠨᠰᠦ᠂ ᠰᠧᠴᠤᠸᠠᠨ᠂ ᠭᠦᠢᠵᠧᠦ᠂ ᠶᠦᠨᠨᠠᠨ᠂ ᠭᠤᠸᠠᠩᠳᠦ᠋ᠩ᠂ ᠬᠠᠢᠨᠠᠨ᠂ ᠬᠤᠨᠠᠨ᠂ ᠬᠤᠪᠧᠢ᠂ ᠹᠦᠵᠢᠶᠠᠨ᠂ ᠵᠧᠵᠢᠶᠠᠩ᠂ ᠠᠨᠾᠦ᠋ᠢ ᠪᠣᠯᠤᠨ ᠱᠠᠨᠳᠦ᠋ᠩ ᠳ᠋ᠦ᠍ ᠲᠠᠷᠬᠠᠴᠠ ᠲᠠᠢ᠃ ᠭᠠᠳᠢᠷ᠎ᠠ ᠪᠣᠯ ᠾᠧᠨᠠᠨ᠂ ᠱᠠᠨᠰᠢ᠂ ᠱᠠᠨᠳᠦ᠋ᠩ᠂ ᠠᠨᠾᠦ᠋ᠢ᠂ ᠵᠢᠶᠠᠩᠰᠦ᠂ ᠵᠧᠵᠢᠶᠠᠩ᠂ ᠹᠦᠵᠢᠶᠠᠨ᠂ ᠬᠤᠪᠧᠢ᠂ ᠬᠤᠨᠠᠨ᠂ ᠵᠢᠶᠠᠩᠰᠢ᠂ ᠭᠤᠸᠠᠩᠰᠢ᠂ ᠭᠤᠸᠠᠩᠳᠦ᠋ᠩ᠂ ᠭᠦᠢᠵᠧᠦ᠂ ᠰᠧᠴᠤᠸᠠᠨ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠵᠢᠮᠢᠰ ᠨᠢ ᠨᠣᠭᠣᠪᠲᠤᠷ ᠰᠢᠷ᠎ᠠ ᠪᠣᠯᠬᠤ ᠳ᠋ᠤᠨᠢ ᠲᠡᠭᠦᠨ᠎ᠡ᠃ ᠦᠷᠴᠢᠭᠢᠷ ᠭᠠᠳᠢᠷ᠎ᠠ ᠶ᠋ᠢ ᠪᠤᠴᠠᠯᠤᠮ᠎ᠠ ᠤᠰᠤᠨ ᠳ᠋ᠤ᠌ ᠲᠡᠩᠨᠡᠵᠦ᠂ ᠭᠠᠳᠠᠷ ᠬᠠᠯᠢᠰᠤ ᠨᠢ ᠴᠠᠢᠪᠤᠷ ᠴᠠᠭᠠᠨ ᠪᠣᠯᠬᠤ ᠳ᠋ᠤᠨᠢ ᠭᠠᠷᠭᠠᠵᠤ᠂ ᠬᠠᠭᠠᠰᠯᠠᠨ ᠬᠡᠷᠴᠢᠭᠡᠳ ᠨᠠᠷᠠᠨ ᠳ᠋ᠤ᠌ ᠬᠠᠲᠠᠭᠠᠨ᠎ᠠ᠃ ᠭᠢᠯᠦᠭᠡᠷ ᠭᠠᠳᠢᠷ᠎ᠠ ᠶ᠋ᠢ ᠭᠤᠯᠳᠤ ᠪᠠᠷ2 ᠪᠤᠶᠤ4 ᠬᠡᠯᠲᠡᠰᠯᠡᠨ ᠬᠡᠷᠴᠢᠭᠡᠳ ᠪᠤᠴᠠᠯᠤᠮ᠎ᠠ ᠤᠰᠤᠨ ᠳ᠋ᠤ᠌ ᠲᠡᠩᠨᠡᠵᠦ ᠭᠠᠷᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠢᠰᠬᠦᠯᠡᠩ᠂ ᠡᠬᠡᠭᠦᠨ ᠠᠮᠲᠠ ᠲᠠᠢ᠂ ᠰᠡᠷᠢᠭᠦᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠰᠠᠭᠤᠯᠭᠠᠬᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠭᠡᠳᠡᠰᠦᠨ ᠬᠠᠳᠬᠤᠯᠭ᠎ᠠ᠂ ᠬᠠᠯᠠᠭᠤᠨ ᠢ᠋ᠶ᠋ᠠᠷ ᠰᠠᠭᠤᠯᠭᠠᠬᠤ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄木瓜(帖便海棠棠)(木瓜)
   ᠠᠩᠭ᠌ᠯᠢ ᠨᠡᠷ᠎ᠡ᠄Chaenomeles speciosa (LoiseL) Koidl [Chaenomeles sinensis (Thouin)Koehne]

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ