ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 37 Нэгэн ном тавцан үн өдөр үн тэмдэглэлээс – 37
ᠨᠢᠭᠡ ᠡᠳᠦᠷ ᠠᠬ᠎ᠠ ᠳᠡᠭᠦᠦ ᠬᠣᠶᠠᠭᠤᠯᠠ ᠭᠠᠳᠠᠨ᠎ᠠ ᠲᠠᠷᠢᠶᠠᠨ ᠠᠵᠢᠯ ᠢ᠋ᠶ᠋ᠠᠨ ᠬᠢᠵᠦ ᠪᠠᠢᠬᠤ ᠳ᠋ᠤ᠌ ᠡᠵᠢ ᠨᠢ ᠦᠳᠡ ᠶ᠋ᠢᠨ ᠬᠣᠭᠣᠯᠠ ᠬᠦᠷᠭᠡᠵᠦ ᠢᠷᠡᠵᠡᠢ᠃ ᠡᠨᠡ ᠡᠳᠦᠷ ᠡᠵᠢ ᠨᠢ ᠱᠠᠯᠪᠢᠩ ᠬᠠᠭᠠᠷᠢᠭᠰᠠᠨ ᠪᠠᠢᠯ᠎ᠠ᠃ ᠠᠬ᠎ᠠ ᠨᠢ ᠪᠠᠭ᠎ᠠ ᠠ᠋ᠴᠠ ᠪᠠᠨ ᠮᠠᠭᠤ ᠤᠬᠠᠭᠠᠨ ᠪᠢᠰᠢᠯᠭᠠᠬᠤ ᠳ᠋ᠤ᠌ ᠪᠠᠨ ᠴᠢᠳᠠᠮᠠᠭᠠᠢ᠂ ᠬᠡᠨ ᠳ᠋ᠦ᠍ ᠴᠦ᠍ ᠬᠣᠨᠵᠢᠭᠳᠠᠬᠤ ᠳᠤᠷ᠎ᠠ ᠦᠭᠡᠢ ᠵᠠᠩ ᠲᠠᠢ᠂ ᠳᠡᠭᠦᠦ ᠨᠢ ᠠᠬ᠎ᠠ ᠲᠠᠢ ᠪᠠᠨ ᠶᠠᠭ ᠡᠰᠡᠷᠭᠦ᠃ ᠠᠬ᠎ᠠ ᠨᠢ ᠦᠳᠡ ᠶ᠋ᠢᠨ ᠬᠣᠭᠣᠯᠠ ᠨᠢ ᠲᠠᠪᠤᠨ ᠬᠡᠰᠡᠭ ᠱᠠᠯᠪᠢᠩ ᠪᠠᠢᠬᠤ ᠶ᠋ᠢ ᠦᠵᠡᠭᠡᠳ ᠶᠠᠭᠠᠬᠢᠪᠠᠯ ᠭᠤᠷᠪᠠᠨ ᠬᠡᠰᠡᠭ ᠣᠯᠵᠤ ᠢᠳᠡᠵᠦ ᠳᠡᠢᠯᠬᠦ ᠶ᠋ᠢ ᠪᠣᠳᠣᠯᠬᠢᠯᠠᠵᠤ ᠡᠬᠢᠯᠡᠵᠡᠢ᠃ ᠳᠡᠭᠦᠦ ᠨᠢ ᠬᠠᠷᠢᠨ ᠱᠠᠯᠪᠢᠩ ᠢ᠋ ᠣᠯᠵᠤ ᠦᠵᠡᠮᠡᠭᠴᠡ ᠰᠢᠭᠤᠳ ᠠᠪᠤᠭᠠᠳ ᠢᠳᠡᠵᠦ ᠡᠬᠢᠯᠡᠪᠡ᠂ ᠡᠨᠡ ᠦᠶ᠎ᠡ ᠳ᠋ᠦ᠍ ᠠᠬ᠎ᠠ ᠨᠢ ᠪᠢ ᠬᠡᠷᠪᠡ ᠬᠣᠶᠠᠷ ᠬᠡᠰᠡᠭ ᠱᠠᠯᠪᠢᠩ ᠢ᠋ ᠳᠠᠪᠬᠤᠷᠯᠠᠭᠠᠳ ᠢᠳᠡᠪᠡᠯ ᠬᠤᠷᠳᠤᠨ ᠮᠥᠷᠲᠡᠭᠡᠨ ᠢᠯᠡᠭᠦᠦ ᠣᠯᠵᠤ ᠢᠳᠡᠵᠦ ᠴᠢᠳᠠᠨ᠎ᠠ ᠭᠡᠵᠦ ᠬᠣᠶᠠᠷ ᠬᠡᠰᠡᠭ ᠱᠠᠯᠪᠢᠩ ᠢ᠋ ᠳᠠᠪᠬᠤᠷᠯᠠᠵᠤ ᠢᠳᠡᠵᠦ ᠡᠬᠢᠯᠡᠵᠡᠢ᠃ ᠡᠨᠡ ᠦᠶ᠎ᠡ ᠳ᠋ᠦ᠍ ᠳᠡᠭᠦᠦ ᠨᠢ ᠲᠡᠷᠢᠭᠦᠨ ᠦ᠌ ᠬᠡᠰᠡᠭ ᠢ᠋ᠶ᠋ᠡᠨ ᠢᠳᠡᠵᠦ ᠪᠠᠷᠠᠭᠠᠳ ᠠᠬ᠎ᠠ ᠶ᠋ᠢᠨ ᠢ᠋ᠶ᠋ᠡᠨ ᠬᠣᠶᠠᠷ ᠬᠡᠰᠡᠭ ᠱᠠᠯᠪᠢᠩ ᠳᠠᠪᠬᠤᠷᠯᠠᠵᠤ ᠢᠳᠡᠵᠦ ᠪᠠᠢᠬᠤ ᠶ᠋ᠢ ᠨᠢ ᠦᠵᠡᠭᠡᠳ ᠪᠢ ᠪᠠᠰᠠ ᠢᠩᠭᠢᠵᠦ ᠢᠳᠡᠶ᠎ᠡ ᠭᠡᠵᠦ ᠠᠬ᠎ᠠ ᠶ᠋ᠢᠨ ᠢ᠋ᠶ᠋ᠡᠨ ᠠᠷᠭ᠎ᠠ ᠶ᠋ᠢ ᠳᠠᠭᠤᠷᠢᠶᠠᠵᠤ ᠦᠯᠡᠳᠡᠭᠰᠡᠨ ᠬᠣᠶᠠᠷ ᠬᠡᠰᠡᠭ ᠢ᠋ ᠰᠢᠭᠦᠷᠴᠦ ᠠᠪᠤᠭᠠᠳ ᠢᠳᠡᠵᠦ ᠡᠬᠢᠯᠡᠯ᠎ᠡ᠁
ᠦᠰᠦᠭ ᠠᠮᠢᠯᠠᠭᠤᠯᠤᠭᠠᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
