ᠨᠢᠭᠡ ᠨᠡᠷᠡᠲᠦ ᠵᠢᠷᠤᠭᠴᠢᠨ ᠵᠠᠯᠠᠭᠤ ᠪᠠᠢᠬᠤ ᠳ᠋ᠤ᠌ ᠪᠠᠨ ᠶᠡᠬᠡ ᠶᠠᠳᠠᠭᠤ ᠪᠠᠢᠵᠤ᠂ ᠦᠷᠭᠦᠯᠵᠢ ᠨᠢᠭᠡ ᠴᠠᠭ ᠤ᠋ᠨ ᠬᠣᠭᠣᠯᠠᠨ ᠤ᠋ ᠲᠥᠯᠥᠭᠡ ᠵᠣᠪᠠᠳᠠᠭ ᠪᠠᠢᠵᠠᠢ᠃ ᠨᠢᠭᠡ ᠡᠳᠦᠷ ᠵᠢᠷᠤᠭᠴᠢᠨ ᠵᠠᠯᠠᠭᠤ ᠨᠢᠭᠡ ᠪᠠᠷᠰ ᠵᠢᠷᠤᠭᠠᠳ ᠵᠡᠭᠡᠯᠢ ᠳ᠋ᠦ᠍ ᠭᠠᠷᠴᠤ ᠬᠤᠳᠠᠯᠳᠤᠵᠠᠢ᠃ ᠡᠨᠡ ᠦᠶᠡᠰ ᠨᠢᠭᠡᠨ ᠭᠠᠳᠠᠭᠠᠳᠤ ᠶ᠋ᠢᠨ ᠬᠥᠮᠦᠨ ᠵᠢᠷᠤᠭ ᠢ᠋ ᠨᠢ ᠦᠵᠡᠵᠦ ᠲᠣᠭᠣᠭᠠᠳ ᠠᠪᠬᠤ ᠰᠠᠨᠠᠭ᠎ᠠ ᠲᠠᠢ ᠵᠢᠷᠤᠭ ᠢ᠋ ᠨᠢ ᠠᠰᠠᠭᠤᠬᠤ ᠳ᠋ᠤ᠌ ᠵᠢᠷᠤᠭᠴᠢᠨ ᠵᠠᠯᠠᠭᠤ᠄《ᠲᠠᠪᠤᠨ ᠵᠠᠭᠤᠨ ᠳ᠋ᠣᠯᠯᠠᠷ》 ᠭᠡᠵᠡᠢ᠃ ᠭᠠᠳᠠᠭᠠᠳᠤ ᠶ᠋ᠢᠨ ᠬᠥᠮᠦᠨ ᠳ᠋ᠦ᠍ ᠦᠨᠡᠲᠡᠢ ᠰᠢᠭ ᠰᠠᠨᠠᠭᠳᠠᠵᠤ《ᠬᠢᠮᠳᠠᠷᠠᠵᠤ ᠪᠣᠯᠤᠨ᠎ᠠ ᠤᠤ?》 ᠭᠡᠵᠡᠢ᠃ ᠵᠠᠯᠠᠭᠤ ᠬᠠᠷᠢᠭᠤ ᠳ᠋ᠤᠨᠢ《ᠪᠣᠯᠬᠤ ᠦᠭᠡᠢ》 ᠭᠡᠵᠦ ᠬᠡᠯᠡᠬᠦ ᠶ᠋ᠢᠨ ᠳᠠᠭᠠᠤ ᠨᠥᠭᠦᠭᠡ ᠵᠢᠷᠤᠭ ᠢ᠋ᠶ᠋ᠠᠨ ᠤᠷᠠᠵᠤ ᠬᠠᠶᠠᠵᠠᠢ᠃ ᠭᠠᠳᠠᠭᠠᠳᠤ ᠶ᠋ᠢᠨ ᠬᠥᠮᠦᠨ ᠮᠠᠰᠢ ᠭᠠᠢᠬᠠᠵᠤ᠄《ᠵᠠᠯᠠᠭᠤ᠂ ᠴᠢ ᠶᠠᠭᠠᠬᠢᠭᠠᠳ ᠵᠢᠷᠤᠭ ᠢ᠋ᠶ᠋ᠠᠨ ᠤᠷᠠᠭᠠᠳ ᠬᠠᠶᠠᠴᠢᠬᠠᠭᠰᠠᠨ ᠪᠣᠢ? ᠬᠡᠳᠦᠢ ᠬᠠᠷᠠᠮᠰᠠᠯᠲᠠᠢ ᠪᠣᠢ? 500 ᠳ᠋ᠣᠯᠯᠠᠷ ᠢ᠋ᠶ᠋ᠠᠷ ᠪᠣᠯᠬᠤ ᠦᠭᠡᠢ ᠪᠣᠯ ᠬᠢᠮᠳᠠᠬᠠᠨ ᠰᠢᠭ᠋ ᠴᠦ᠍ ᠭᠡᠰᠡᠨ ᠪᠣᠯᠤᠨ᠎ᠠ ᠰᠢᠲᠠ᠂ ᠠᠭᠤᠷᠯᠠᠴᠢᠬᠠᠪᠠ ᠤᠤ?》 ᠭᠡᠰᠡᠨ ᠳ᠋ᠦ᠍ ᠵᠠᠯᠠᠭᠤ ᠶᠡᠬᠡ ᠨᠠᠮᠵᠢᠭᠤᠬᠠᠨ᠄《ᠠᠪᠤᠭᠠᠢ᠂ ᠪᠢ ᠠᠭᠤᠷᠯᠠᠭᠠ ᠦᠭᠡᠢ᠂ ᠪᠢ ᠡᠨᠡ ᠵᠢᠷᠤᠭ ᠢ᠋ 500 ᠳ᠋ᠣᠯᠯᠠᠷ ᠭᠡᠰᠡᠨ ᠪᠣᠯ ᠡᠨᠡ ᠵᠢᠷᠤᠭ 500 ᠳ᠋ᠣᠯᠯᠠᠷ ᠤ᠋ᠨ ᠥᠷᠲᠡᠭ ᠲᠡᠢ ᠭᠡᠵᠦ ᠪᠢ ᠦᠵᠡᠵᠦ ᠪᠠᠢᠨ᠎ᠠ᠃ ᠲᠠ ᠨᠠᠳᠠ ᠲᠠᠢ ᠦᠨ᠎ᠡ ᠬᠠᠶᠠᠯᠴᠠᠵᠤ 500 ᠳ᠋ᠣᠯᠯᠠᠷ ᠭᠠᠷᠭᠠᠬᠤ ᠳᠤᠷ᠎ᠠ ᠦᠭᠡᠢ ᠪᠠᠢᠬᠤ ᠴᠢᠨᠢ ᠲᠠᠨ ᠤ᠋ ᠰᠡᠳᠬᠢᠯ ᠳ᠋ᠦ᠍ ᠡᠨᠡ ᠵᠢᠷᠤᠭ ᠲᠡᠳᠦᠢ ᠥᠷᠲᠡᠭ ᠬᠦᠷᠬᠦ ᠦᠭᠡᠢ ᠯᠡ ᠭᠡᠰᠡᠨ ᠦᠭᠡ᠂ ᠲᠡᠢᠮᠦ ᠡᠴᠡ ᠪᠢ ᠦᠷᠭᠦᠯᠵᠢᠯᠡᠨ ᠴᠢᠷᠮᠠᠢᠵᠤ ᠳᠠᠷᠠᠭ᠎ᠠ ᠤᠳᠠᠭ᠎ᠠ ᠰᠠᠢᠬᠠᠨ ᠵᠢᠷᠤᠬᠤ ᠬᠡᠷᠡᠭᠲᠡᠢ᠂ ᠡᠨᠡ ᠤᠳᠠᠭᠠᠨ ᠤ᠋ ᠵᠢᠷᠤᠭᠰᠠᠨ ᠯᠠᠪᠲᠠᠢ ᠪᠣᠯᠬᠤ ᠦᠭᠡᠢ᠂ ᠲᠡᠢᠮᠦ ᠡᠴᠡ ᠪᠢ ᠤᠷᠠᠵᠤ ᠬᠠᠶᠠᠵᠠᠢ᠂ ᠳᠠᠬᠢᠵᠤ ᠵᠢᠷᠤᠨ᠎ᠠ᠃ ᠵᠣᠴᠢᠳ ᠢ᠋ ᠬᠠᠨᠤᠮᠵᠢᠲᠠᠢ ᠪᠣᠯᠲᠠᠯ᠎ᠠ ᠵᠢᠷᠤᠨ᠎ᠠ》 ᠭᠡᠰᠡᠨ ᠭᠡᠨ᠎ᠡ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ