ᠪᠢ ᠪᠠᠭᠰᠢ ᠬᠥᠮᠦᠨ-ᠬᠡᠷᠡᠢᠳ ᠮᠥᠩᠬᠡᠨᠠᠰᠤᠨБи багш хүн-Хэрэйд Мөнхнасан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠪᠠᠭᠰᠢ ᠬᠥᠮᠦᠨ-ᠬᠡᠷᠡᠢᠳ ᠮᠥᠩᠬᠡᠨᠠᠰᠤᠨБи багш хүн-Хэрэйд Мөнхнасан

ᠪᠢ ᠪᠠᠭᠰᠢ ᠬᠥᠮᠦᠨ-ᠬᠡᠷᠡᠢᠳ ᠮᠥᠩᠬᠡᠨᠠᠰᠤᠨБи багш хүн-Хэрэйд Мөнхнасан

2025-04-20

882

ᠪᠢ ᠪᠠᠭᠰᠢ ᠬᠥᠮᠦᠨ

   ᠵᠣᠬᠢᠶᠠᠭᠴᠢ᠄ ᠬᠡᠷᠡᠢᠳ ᠮᠥᠩᠬᠡᠨᠠᠰᠤᠨ 
   ᠤᠶᠠᠩᠭᠠᠯᠠᠭᠴᠢ᠄ ᠰᠣᠯᠣᠩᠭ᠎ᠠ 

ᠠᠪᠤ ᠶ᠋ᠢᠨ ᠢ᠋ᠶ᠋ᠡᠨ ᠠᠭᠤᠳᠠᠮ ᠬᠠᠢᠷ᠎ᠠ ᠶ᠋ᠢ ᠵᠠᠯᠭᠠᠮᠵᠢᠯᠠᠭᠰᠠᠨ 
        ᠪᠢ᠂ ᠪᠠᠭᠰᠢ ᠬᠥᠮᠦᠨ 
ᠡᠵᠢ ᠶ᠋ᠢᠨ ᠢ᠋ᠶ᠋ᠡᠨ ᠡᠨᠡᠷᠢᠯ ᠠᠭᠤᠴᠢ ᠶ᠋ᠢ ᠤᠯᠠᠮᠵᠢᠯᠠᠭᠰᠠᠨ 
        ᠪᠢ᠂ ᠪᠠᠭᠰᠢ ᠬᠥᠮᠦᠨ 
ᠨᠤᠲᠤᠭ ᠤ᠋ᠨ ᠢ᠋ᠶ᠋ᠠᠨ ᠰᠤᠨᠤᠮ᠎ᠠ ᠲᠦᠷᠡᠯᠭᠡ ᠶ᠋ᠢ ᠬᠦᠯᠢᠶᠡᠭᠰᠡᠨ 
        ᠪᠢ ᠂ ᠪᠠᠭᠰᠢ ᠬᠥᠮᠦᠨ 
ᠡᠬᠡ ᠰᠣᠶᠣᠯ ᠤ᠋ᠨ ᠢ᠋ᠶ᠋ᠠᠨ ᠲᠥᠯᠥᠭᠡ ᠭᠡᠵᠦ ᠳᠦᠷᠡᠯᠵᠡᠭᠰᠡᠨ 
        ᠪᠢ᠂ ᠪᠠᠭᠰᠢ ᠬᠥᠮᠦᠨ 
ᠬᠠᠷᠮᠠᠨ ᠳ᠋ᠤ᠌ ᠮᠥᠩᠭᠥ ᠦᠭᠡᠢ ᠡᠴᠡ 
        ᠪᠢ ᠵᠣᠪᠠᠬᠤ ᠦᠭᠡᠢ 
ᠬᠠᠷᠠᠭᠠᠨ ᠳ᠋ᠤ᠌ ᠰᠤᠷᠤᠭᠴᠢ ᠮᠢᠨᠢ ᠦᠭᠡᠢ ᠡᠴᠡ 
        ᠪᠢ ᠠᠶᠤᠨ᠎ᠠ 
ᠬᠠᠯᠠᠭᠤᠨ ᠳ᠋ᠤ᠌ ᠠᠩᠭᠠᠬᠤ ᠠ᠋ᠴᠠ 
        ᠪᠢ ᠬᠠᠯᠢᠷᠠᠬᠤ ᠦᠭᠡᠢ 
ᠬᠠᠵᠠᠭᠤ ᠳ᠋ᠤ᠌ ᠮᠢᠨᠢ ᠰᠤᠷᠤᠭᠴᠢ ᠦᠭᠡᠢ ᠡᠴᠡ 
        ᠪᠢ ᠰᠦᠷᠳᠡᠨ᠎ᠡ

        ᠪᠢ᠂ ᠪᠠᠭᠰᠢ ᠬᠥᠮᠦᠨ
ᠵᠢᠷᠤᠭ ᠤ᠋ᠨ ᠪᠢᠳᠦᠷᠶᠡᠨ ᠲᠠᠯ᠎ᠠ ᠳ᠋ᠤ᠌ ᠪᠠᠨ
ᠵᠦᠢᠯ ᠦ᠋ᠨ ᠴᠡᠴᠡᠭ ᠠᠯᠠᠭᠯᠠᠭᠤᠯᠵᠤ
ᠵᠢᠳᠬᠦᠯ ᠦ᠋ᠨ ᠮᠥᠩᠭᠥᠨ ᠥᠨᠳᠥᠷ ᠲᠦ᠍ ᠪᠡᠨ
ᠵᠦᠭ ᠦ᠋ᠨ ᠡᠷᠪᠡᠬᠡᠢ ᠪᠦᠵᠢᠭᠯᠡᠭᠦᠯᠦᠭᠰᠡᠨ
       ᠪᠢ᠂ ᠪᠠᠭᠰᠢ ᠬᠥᠮᠦᠨ
ᠭᠣᠶᠣᠯ ᠨᠠᠳᠠ ᠳ᠋ᠤ᠌ ᠬᠡᠷᠡᠭ ᠦᠭᠡᠢ
ᠰᠤᠷᠤᠭᠴᠢ ᠶ᠋ᠢᠨ ᠮᠢᠨᠢ ᠰᠣᠳᠣᠨ ᠢᠷᠡᠭᠡᠳᠦᠢ ᠮᠢᠨᠦ ᠭᠣᠶᠣᠯ
ᠮᠠᠭᠲᠠᠭᠠᠯ ᠨᠠᠳᠠ ᠳ᠋ᠤ᠌ ᠴᠢᠬᠤᠯᠠ ᠦᠭᠡᠢ
ᠰᠤᠷᠤᠭᠴᠢ ᠶ᠋ᠢᠨ ᠮᠢᠨᠢ ᠦᠢᠯᠡᠰ ᠦ᠋ᠨ ᠭᠢᠯᠪᠠᠭ᠎ᠠ ᠮᠢᠨᠦ ᠱᠠᠩᠨᠠᠯ
         ᠪᠢ᠂ ᠪᠠᠭᠰᠢ ᠬᠥᠮᠦᠨ
ᠵᠠᠭᠤᠨ ᠵᠠᠭᠤᠨ ᠬᠦᠰᠡᠯ ᠢ᠋ᠶ᠋ᠡᠨ
ᠵᠣᠷᠢᠭ ᠤ᠋ᠨ ᠪᠠᠢᠭᠠᠯᠢ ᠳ᠋ᠤ᠌ ᠪᠠᠨ ᠤᠷᠭᠤᠭᠤᠯᠵᠤ
ᠵᠦᠩ ᠪᠡᠯᠭᠡ ᠶ᠋ᠢᠨ ᠭᠠᠨᠳᠠᠷᠢᠰᠤᠨ ᠢ᠋ᠶ᠋ᠠᠨ
ᠬᠣᠢᠴᠢ ᠦᠶ᠎ᠡ ᠳ᠋ᠦ᠍ ᠪᠡᠨ ᠰᠢᠪᠰᠢᠭᠰᠡᠨ
        ᠪᠢ᠂ ᠪᠠᠭᠰᠢ ᠬᠥᠮᠦᠨ

   ᠵᠣᠬᠢᠶᠠᠭᠴᠢ᠄ ᠬᠡᠷᠡᠢᠳ ᠮᠥᠩᠬᠡᠨᠠᠰᠤᠨ
   ᠤᠶᠠᠩᠭᠠᠯᠠᠭᠴᠢ᠄ ᠰᠣᠯᠣᠩᠭ᠎ᠠ
   ᠬᠢᠨᠠᠭᠴᠢ᠄ ᠣᠳᠬᠠᠨᠰᠣ᠎ᠠ