ᠴᠢᠮ᠎ᠠ ᠪᠠᠨ ᠰᠠᠨᠠᠬᠤ ᠳ᠋ᠤ᠌-ᠱ᠌ᠢᠷᠦᠨᠴᠢᠮᠡᠭChamaa sanakhad-ShronchimegЧамаа санахад-Шрончимэг ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠪᠠᠨ ᠰᠠᠨᠠᠬᠤ ᠳ᠋ᠤ᠌-ᠱ᠌ᠢᠷᠦᠨᠴᠢᠮᠡᠭChamaa sanakhad-ShronchimegЧамаа санахад-Шрончимэг

ᠴᠢᠮ᠎ᠠ ᠪᠠᠨ ᠰᠠᠨᠠᠬᠤ ᠳ᠋ᠤ᠌-ᠱ᠌ᠢᠷᠦᠨᠴᠢᠮᠡᠭChamaa sanakhad-ShronchimegЧамаа санахад-Шрончимэг

2025-04-19

696

ᠴᠢᠮ᠎ᠠ ᠪᠠᠨ ᠰᠠᠨᠠᠬᠤ ᠳ᠋ᠤ᠌ 


   ᠳᠡᠭᠡᠳᠦ ᠮᠣᠩᠭᠣᠯ ᠠᠷᠠᠳ ᠤ᠋ᠨ ᠳᠠᠭᠤᠤ 
     ᠦᠭᠡ ᠄ ᠱ • ᠳᠦᠭᠦᠷᠰᠦ᠋ᠷᠦᠩ  
     ᠳᠠᠭᠤᠴᠢᠨ ᠄ ᠱ᠌ᠢᠷᠤᠨᠴᠢᠮᠡᠭ 

ᠬᠠᠳᠠᠨ ᠳᠤᠮᠳᠠᠭᠤᠷ ᠶᠠᠪᠤᠬᠤ ᠳ᠋ᠤ᠌ 
ᠬᠠᠷᠴᠠᠭᠠᠢ ᠰᠢᠪᠠᠭᠤᠨ ᠬᠠᠯᠢᠨ᠎ᠠ 
ᠬᠠᠢᠷᠠᠲᠠᠢ ᠴᠢᠮ᠎ᠠ ᠶ᠋ᠢ ᠪᠡᠨ ᠰᠠᠨᠠᠬᠤ ᠳ᠋ᠤ᠌ 
ᠬᠠᠯᠢᠭᠠᠳ ᠬᠦᠷᠦᠮᠡᠷ ᠰᠠᠨᠠᠭᠳᠠᠨ᠎ᠠ 

ᠠᠭᠤᠯᠠᠨ ᠳᠤᠮᠳᠠᠭᠤᠷ ᠶᠠᠪᠤᠬᠤ ᠳ᠋ᠤ᠌  
ᠤᠯᠢᠷ ᠰᠢᠪᠠᠭᠤᠨ ᠳᠣᠩᠭᠣᠳᠤᠨ᠎ᠠ  
ᠤᠶᠠᠬᠠᠨ ᠴᠢᠮ᠎ᠠ ᠶ᠋ᠢ ᠪᠡᠨ ᠰᠠᠨᠠᠬᠤ ᠳ᠋ᠤ᠌  
ᠣᠴᠢᠭᠠᠳ ᠵᠣᠯᠭᠠᠮᠠᠷ ᠰᠠᠨᠠᠭᠳᠠᠨ᠎ᠠ  
ᠣᠴᠢᠭᠠᠳ ᠵᠣᠯᠭᠠᠮᠠᠷ ᠰᠠᠨᠠᠭᠳᠠᠨ᠎ᠠ᠃

ᠨᠤᠲᠤᠭ ᠤ᠋ᠨ ᠳᠤᠮᠳᠠᠭᠤᠷ ᠶᠠᠪᠤᠬᠤ ᠳ᠋ᠤ᠌
ᠨᠤᠭᠤᠰᠤ ᠰᠢᠪᠠᠭᠤᠨ ᠵᠢᠷᠭᠢᠨ᠎ᠡ
ᠨᠢᠭᠤᠴᠠᠬᠠᠨ ᠴᠢᠮ᠎ᠠ ᠶ᠋ᠢ ᠪᠡᠨ ᠰᠠᠨᠠᠬᠤ ᠳ᠋ᠤ᠌
ᠨᠢᠰᠦᠭᠡᠳ ᠬᠦᠷᠦᠮᠡᠷ ᠰᠠᠨᠠᠭᠳᠠᠨ᠎ᠠ᠃

ᠬᠥᠳᠡᠭᠡ ᠳᠤᠮᠳᠠᠭᠤᠷ ᠶᠠᠪᠤᠬᠤ ᠳ᠋ᠤ᠌
ᠭᠦᠷᠭᠡᠯᠵᠢ ᠰᠢᠪᠠᠭᠤᠨ ᠵᠢᠷᠭᠢᠨ᠎ᠡ
ᠬᠥᠭᠡᠷᠦᠬᠦᠨ ᠴᠢᠮ᠎ᠠ ᠶ᠋ᠢ ᠪᠡᠨ ᠰᠠᠨᠠᠬᠤ ᠳ᠋ᠤ᠌
ᠬᠦᠷᠦᠭᠡᠳ ᠵᠣᠯᠭᠠᠮᠠᠷ ᠰᠠᠨᠠᠭᠳᠠᠨ᠎ᠠ
ᠬᠦᠷᠦᠭᠡᠳ ᠵᠣᠯᠭᠠᠮᠠᠷ ᠰᠠᠨᠠᠭᠳᠠᠨ᠎ᠠ᠃

ᠬᠤᠯᠤᠰᠤᠨ ᠳᠤᠮᠳᠠᠭᠤᠷ ᠶᠠᠪᠤᠬᠤ ᠳ᠋ᠤ᠌
ᠬᠤᠯᠠᠨ ᠵᠢᠷᠣᠭ᠎ᠠ ᠵᠢᠷᠭᠢᠨ᠎ᠡ
ᠬᠣᠩᠬᠣᠷ ᠴᠢᠮ᠎ᠠ ᠶ᠋ᠢ ᠪᠡᠨ ᠰᠠᠨᠠᠬᠤ ᠳ᠋ᠤ᠌
ᠬᠤᠷᠳᠤᠨ ᠵᠣᠯᠭᠠᠮᠠᠷ ᠰᠠᠨᠠᠭᠳᠠᠨ᠎ᠠ᠃

ᠡᠯᠡᠰᠦᠨ ᠳᠤᠮᠳᠠᠭᠤᠷ ᠶᠠᠪᠤᠬᠤ ᠳ᠋ᠤ᠌
ᠡᠯᠢᠶ᠎ᠡ ᠰᠢᠪᠠᠭᠤᠨ ᠡᠷᠭᠢᠨ᠎ᠡ
ᠡᠩᠬᠦᠷᠡᠢ ᠴᠢᠮ᠎ᠠ ᠶ᠋ᠢ ᠪᠡᠨ ᠰᠠᠨᠠᠬᠤ ᠳ᠋ᠤ᠌
ᠡᠷᠢᠭᠡᠳ ᠵᠣᠯᠭᠠᠮᠠᠷ ᠰᠠᠨᠠᠭᠳᠠᠨ᠎ᠠ
ᠡᠷᠢᠭᠡᠳ ᠵᠣᠯᠭᠠᠮᠠᠷ ᠰᠠᠨᠠᠭᠳᠠᠨ᠎ᠠ
ᠡᠷᠢᠭᠡᠳ ᠵᠣᠯᠭᠠᠮᠠᠷ ᠰᠠᠨᠠᠭᠳᠠᠨ᠎ᠠ᠃

    ᠦᠰᠦᠭ ᠬᠠᠳᠠᠭᠴᠢ᠄ ᠵᠢᠷᠠᠨᠲᠠᠢ
    ᠦᠰᠦᠭ ᠠᠮᠢᠯᠠᠭᠤᠯᠤᠭᠴᠢ᠄ ᠤᠤᠭᠠᠨᠵᠢᠳ
    ᠬᠢᠨᠠᠭᠴᠢ᠄ ᠮᠡᠷᠭᠡᠨᠪᠢᠯᠢᠭ