ᠱᠠᠰᠢᠨ ᠪᠠᠳᠠᠷᠠᠩᠭᠤᠢ ᠬᠡᠮᠡᠬᠦ ᠰᠤᠳᠤᠷ ᠣᠷᠣᠰᠢᠪᠠШашин бадрангуй хэмээх судар оршив
ᠱᠠᠰᠢᠨ ᠪᠠᠳᠠᠷᠠᠩᠭᠤᠢ ᠬᠡᠮᠡᠬᠦ ᠰᠤᠳᠤᠷ ᠣᠷᠣᠰᠢᠪᠠ
ᠣᠮ ᠠ ᠬᠣᠩ ᠅
ᠠᠮᠢᠲᠠᠨ ᠤ᠋ ᠲᠤᠯᠠ ᠡᠷᠲᠡ ᠪᠢ᠃ᠠᠯᠢ ᠪᠡᠷᠬᠡ ᠵᠦᠢᠯ ᠢ᠋ ᠡᠳ᠋ᠯᠡᠭᠡᠳ᠃
ᠠᠮᠤᠭᠤᠯᠠᠩ ᠶᠤᠭᠠᠨ ᠥᠭᠪᠡᠢ ᠊ᠢ᠎ᠡ᠃ᠠᠯᠳᠠᠷ ᠱᠠᠰᠢᠨ ᠥᠨᠢ ᠪᠠᠳᠠᠷᠠ ᠅
ᠡᠮᠬᠡᠭᠳᠡᠨ ᠦ᠌ ᠲᠤᠯᠠ ᠡᠷᠲᠡ ᠪᠢ᠃ᠡᠮ ᠪᠠ ᠲᠡᠵᠢᠭᠡᠯ ᠢ᠋ ᠥᠭᠭᠦᠭᠡᠳ᠃
ᠥᠭᠡᠬᠦᠨ ᠢ᠋ ᠢᠪᠡᠭᠡᠪᠡᠢ ᠊ᠢ᠎ᠡ᠃ᠥᠨᠢ ᠤᠷᠲᠤ ᠱᠠᠰᠢᠨ ᠪᠠᠳᠠᠷᠠ ᠅
ᠡᠮ᠎ᠡ ᠪᠠ ᠥᠬᠢᠨ ᠦᠷᠡᠰ ᠬᠥᠪᠡᠭᠦᠨ᠃ᠡᠳ᠋ ᠮᠠᠯ ᠵᠠᠭᠠᠨ ᠲᠡᠷᠭᠡᠨ ᠡᠷᠳᠡᠨᠢ ᠃
ᠡᠷᠬᠢᠮ ᠪᠣᠳᠢ ᠶᠤᠭᠠᠨ ᠥᠭᠪᠡᠢ ᠊ᠢ᠎ᠡ᠃ᠡᠭᠦᠷᠢᠳᠡ ᠱᠠᠰᠢᠨ ᠪᠠᠳᠠᠷᠠ ᠅
ᠪᠤᠷᠬᠠᠨ ᠪᠠᠷᠳᠢᠩᠭᠠᠪᠣᠳ ᠰᠢᠷᠡᠸᠩ᠃ᠪᠣᠭᠳᠠ ᠡᠴᠢᠭᠡ ᠡᠬᠡ ᠠᠷᠰᠢ ᠨᠠᠷ ᠃
ᠪᠦᠭᠦᠳᠡ ᠶ᠋ᠢ ᠳᠠᠬᠢᠨ ᠠᠪᠠᠢ ᠊ᠢ᠎ᠡ᠃ᠪᠦᠷᠢᠨ ᠱᠠᠰᠢᠨ ᠥᠨᠢ ᠪᠠᠳᠠᠷᠠ᠅
ᠣᠯᠠᠨ ᠮᠢᠩᠭᠠᠨ ᠲᠦᠮᠡᠨ ᠭᠠᠯᠠᠪ ᠲᠤᠷ᠃ᠣᠨᠴᠠ ᠡᠯᠳᠡᠪ ᠵᠣᠪᠠᠯ ᠦᠵᠡᠭᠡᠳ ᠃
ᠣᠨᠣᠯ ᠪᠣᠳᠢ ᠡᠷᠢᠨ ᠠᠪᠠᠢ ᠊ᠢ᠎ᠡ᠃ᠣᠬᠢ ᠱᠠᠰᠢᠨ ᠥᠨᠢ ᠪᠠᠳᠠᠷᠠ᠅
ᠪᠢ ᠪᠡᠷ ᠲᠥᠷᠥ ᠶᠣᠰᠣ ᠱᠠᠭᠱᠠᠪᠠᠳ᠃ᠪᠡᠷᠬᠡ ᠴᠢᠳᠠᠯ ᠥᠨᠢ ᠰᠢᠲᠦᠭᠡᠳ᠃
ᠪᠠᠰᠠ ᠪᠣᠷᠠᠬᠤᠨ ᠳᠠᠬᠢᠨ ᠠᠪᠠᠢ ᠊ᠢ᠎ᠡ᠃ᠪᠠᠲᠤ ᠱᠠᠰᠢᠨ ᠥᠨᠢ ᠪᠠᠳᠠᠷᠠ᠅
ᠴᠢᠳᠠᠯ ᠬᠢᠴᠢᠶᠡᠯ ᠢ᠋ᠶ᠋ᠡᠷ ᠪᠠᠲᠤᠳᠠᠨ᠃ᠴᠢᠨᠠᠳᠤᠰ ᠢ᠋ ᠮᠠᠭᠠᠳ ᠳᠠᠷᠤᠵᠤ᠃
ᠴᠢᠪᠠᠯ ᠠ᠋ᠴᠠ ᠭᠡᠲᠦᠯᠭᠡᠪᠡᠢ ᠊ᠢ᠎ᠡ᠃ᠴᠢᠩᠳᠠ ᠱᠠᠰᠢᠨ ᠥᠨᠢ ᠪᠠᠳᠠᠷᠠ ᠅
ᠨᠢᠭᠡᠮᠦᠰᠦᠨ ᠲᠡᠰᠬᠦᠢ ᠪᠢᠰᠢᠯᠭᠠᠯ᠃ᠨᠢᠰᠸᠠᠨᠢᠰᠳᠦ ᠴᠥᠪ ᠦ᠋ᠨ ᠲᠡᠳᠡᠨ ᠦ᠌᠃
ᠨᠢᠭᠦᠯ ᠬᠣᠣᠷ ᠢ᠋ ᠬᠦᠯᠢᠴᠡᠪᠡᠢ ᠊ᠢ᠎ᠡ᠃ᠨᠢᠭᠲᠠ ᠱᠠᠰᠢᠨ ᠥᠨᠢ ᠪᠠᠳᠠᠷᠠ ᠅
ᠰᠠᠨᠠᠯ ᠴᠢᠳᠠᠯ ᠳᠦᠷᠰᠦᠨ ᠥᠭᠡᠬᠦ᠃ᠰᠠᠮᠠᠳᠢ ᠶ᠋ᠢ ᠭᠠᠩᠭ᠎ᠠ ᠶ᠋ᠢᠨ ᠲᠣᠭᠠᠲᠠᠨ᠃
ᠰᠠᠢᠲᠤᠷ ᠪᠢᠰᠢᠯᠭᠠᠭᠰᠠᠨ ᠠᠮᠤᠢ ᠊ᠢ᠎ᠡ᠃ᠱᠠᠰᠢᠨ ᠥᠨᠢ ᠤᠷᠲᠤ ᠪᠠᠳᠠᠷᠠ ᠅
ᠪᠡᠯᠭᠡ ᠪᠢᠯᠢᠭ ᠣᠯᠬᠤ ᠶ᠋ᠢᠨ ᠲᠤᠯᠠ ᠪᠢ᠃ᠪᠡᠷᠬᠡ ᠠᠭᠯᠠᠭ ᠣᠢ ᠳ᠋ᠤᠷ ᠣᠷᠣᠰᠢᠨ ᠃
ᠪᠢᠴᠢᠭ ᠱᠠᠰᠲᠢᠷ ᠦᠵᠡᠨ ᠠᠪᠠᠢ ᠊ᠢ᠎ᠡ᠃ᠪᠢᠯᠢᠭ ᠱᠠᠰᠢᠨ ᠥᠨᠢ ᠪᠠᠳᠠᠷᠠ ᠅
ᠡᠨᠡᠷᠢᠵᠦ ᠮᠢᠬ᠎ᠠ ᠴᠢᠰᠤᠨ ᠪᠠ᠃ᠡᠯᠳᠡᠪ ᠲᠡᠵᠢᠭᠡᠯ ᠢ᠋ ᠥᠭᠭᠦᠭᠡᠳ᠃
ᠦᠶ᠎ᠡ ᠮᠥᠴᠡᠰ ᠢ᠋ᠶ᠋ᠡᠨ ᠥᠭᠪᠡᠢ ᠊ᠢ᠎ᠡ᠃ᠦᠨᠡᠨ ᠨᠣᠮ ᠤ᠋ᠨ ᠶᠣᠰᠣᠨ ᠠᠷᠪᠢᠵᠢᠨ ᠅
ᠠᠮᠢᠲᠠᠨ ᠤ᠋ ᠨᠢᠭᠦᠯᠲᠦ ᠶ᠋ᠢ ᠪᠢ᠃ᠠᠰᠠᠷᠠᠯ ᠳ᠋ᠤᠷ ᠲᠣᠳᠣ ᠰᠤᠷᠭᠠᠭᠠᠳ᠃
ᠠᠩᠭᠢ ᠭᠤᠷᠪᠠᠨ ᠬᠥᠯᠭᠡᠨ ᠥᠭᠪᠡᠢ ᠊ᠢ᠎ᠡ᠃ᠠᠷᠪᠢᠳᠲᠤᠭᠠᠢ ᠨᠣᠮ ᠤ᠋ᠨ ᠥᠭᠯᠢᠭᠡ ᠅
ᠠᠷᠭ᠎ᠠ ᠪᠢᠯᠢᠭ ᠢ᠋ᠶ᠋ᠡᠷ ᠡᠷᠲᠡ ᠪᠢ ᠃ᠠᠯᠢ ᠮᠠᠭᠤ ᠦᠵᠡᠯ ᠢ᠋ ᠠᠷᠢᠯᠭᠠᠨ᠃
ᠠᠷᠢᠯᠤᠭᠰᠠᠨ ᠦᠵᠡᠯ ᠥᠭᠪᠡᠢ ᠊ᠢ᠎ᠡ᠃ᠠᠪᠤᠷᠢᠳᠠ ᠨᠣᠮ ᠤ᠋ᠳ ᠠᠷᠪᠢᠵᠢᠨ ᠅
ᠬᠤᠷᠢᠶᠠᠬᠤ ᠳᠥᠷᠪᠡᠨ ᠪᠣᠳᠠᠰ ᠢ᠋ᠶ᠋ᠠᠷ᠃ᠬᠤᠷᠴᠠ ᠨᠢᠰᠸᠠᠨᠢᠰ ᠢ᠋ ᠰᠥᠨᠥᠭᠡᠨ ᠃
ᠬᠣᠣᠷᠲᠤ ᠭᠡᠮ ᠢ᠋ ᠢᠯᠠᠭᠤᠪᠠᠢ ᠊ᠢ᠎ᠡ᠃ᠬᠤᠲᠤᠭ ᠨᠤᠭᠤᠳ ᠥᠨᠢ ᠠᠲᠤᠭᠠᠢ ᠅
ᠦᠵᠡᠯ ᠪᠤᠷᠤᠭᠤ ᠲᠡᠷᠰ ᠨᠣᠮᠲᠠᠨ ᠢ᠋᠃ᠦᠵᠡᠯ ᠮᠠᠭᠤ ᠠ᠋ᠴᠠ ᠭᠡᠲᠦᠯᠭᠡᠨ ᠃
ᠦᠨᠡᠨ ᠦᠵᠡᠯ ᠬᠢᠵᠦ ᠥᠭᠪᠡᠢ ᠊ᠢ᠎ᠡ᠃ᠦᠷ᠎ᠡ ᠰᠠᠳᠤᠨ ᠨᠤᠲᠠ ᠪᠢᠰᠢᠷᠡ᠃
ᠥᠨᠢ ᠤᠷᠲᠤ ᠱᠠᠰᠢᠨ ᠪᠠᠳᠠᠷᠠ ᠅
ᠨᠣᠮ ᠤ᠋ᠨ ᠬᠠᠭᠠᠨ ᠪᠣᠭᠳᠠ ᠽᠤᠩᠺᠠᠪᠠ ᠶ᠋ᠢᠨ᠃
ᠨᠣᠮ ᠤ᠋ᠨ ᠶᠣᠰᠣᠨ ᠮᠠᠰᠢ ᠠᠷᠪᠢᠳᠤᠨ ᠃
ᠨᠣᠮ ᠤ᠋ᠨ ᠲᠦᠢᠳᠬᠡᠷ ᠢᠷᠸᠠᠰ ᠠᠮᠤᠷᠯᠢᠨ᠃
ᠨᠣᠮ ᠤ᠋ᠨ ᠨᠠᠢᠷᠠᠯ ᠲᠡᠭᠦᠰ ᠪᠣᠯᠲᠤᠭᠠᠢ ᠅
ᠥᠪᠡᠷ ᠪᠤᠰᠤᠳ ᠭᠤᠷᠪᠠᠨ ᠴᠠᠭ ᠤ᠋ᠳ ᠤ᠋ᠨ ᠃
ᠦᠢᠯᠡᠳᠦᠭᠴᠢ ᠬᠣᠶᠠᠷ ᠴᠢᠭᠤᠯᠭᠠᠨ ᠪᠡᠷ᠃
ᠦᠯᠡᠮᠵᠢᠳᠦ ᠪᠣᠭᠳᠠ ᠡᠷᠳᠡᠨᠢ ᠶ᠋ᠢᠨ᠃
ᠦᠨᠡᠨ ᠱᠠᠰᠢᠨ ᠥᠨᠢ ᠪᠠᠳᠠᠷᠠ ᠅
ᠠᠮᠤᠷ ᠲᠤᠰᠠ ᠭᠠᠷᠬᠤᠢ ᠶ᠋ᠢᠨ ᠭᠠᠭᠴᠠ ᠤᠭ᠃
ᠠᠯᠲᠠᠨ ᠱᠠᠰᠢᠨ ᠥᠨᠢ ᠣᠷᠣᠰᠢᠨ ᠃
ᠠᠯᠢ ᠱᠠᠰᠢᠨ ᠬᠢᠭᠴᠢ ᠪᠣᠭᠳᠠᠰ ᠤ᠋ᠨ᠃
ᠠᠮᠢᠨ ᠨᠠᠰᠤᠨ ᠪᠠᠲᠤ ᠪᠣᠯᠲᠤᠭᠠᠢ ᠅ ᠃ ᠅
ᠰᠤᠳᠤᠷ ᠤ᠋ᠨ ᠦᠰᠦᠭ ᠢ᠋ ᠳᠡᠭᠰᠢᠮᠥ᠋ᠩᠬᠡ ᠠᠮᠢᠯᠠᠭᠤᠯᠪᠠ᠃
ᠬᠢᠨᠠᠯᠲᠠ ᠬᠢᠭᠰᠡᠨ ᠨᠢ《ᠬᠡᠢᠮᠣᠷᠢ》 ᠰᠦᠯᠵᠢᠶ᠎ᠡ ᠶ᠋ᠢᠨ《ᠱᠠᠰᠢᠨ ᠰᠢᠲᠦᠯᠭᠡ》 ᠬᠣᠯᠪᠣᠭ᠎ᠠ᠃
