ᠨᠠᠨᠳᠢᠨ - ᠷ᠂ ᠪᠤᠯᠤᠷᠳᠤᠶᠠᠭ᠎ᠠНандин-Р,Болортуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠨᠳᠢᠨ - ᠷ᠂ ᠪᠤᠯᠤᠷᠳᠤᠶᠠᠭ᠎ᠠНандин-Р,Болортуяа

ᠨᠠᠨᠳᠢᠨ - ᠷ᠂ ᠪᠤᠯᠤᠷᠳᠤᠶᠠᠭ᠎ᠠНандин-Р,Болортуяа

ᠠᠩᠭᠢᠯᠠᠯ:ᠳᠠᠭᠤᠤ ᠬᠥᠭᠵᠢᠮ
2025-04-19

1069

ᠨᠠᠨᠳᠢᠨ

    ᠰᠢᠯᠦᠭ᠄ ᠯ᠂ ᠪᠠᠢᠭᠠᠯᠢᠮ᠎ᠠ 
    ᠠᠶᠠᠯᠭᠤ᠄ ᠵ ᠂ ᠪᠠᠲᠤᠪᠤᠯᠤᠳ 
    ᠳᠠᠭᠤᠴᠢᠨ ᠄ ᠷ᠂ ᠪᠤᠯᠤᠷᠳᠤᠶᠠᠭ᠎ᠠ 

ᠨᠠᠳᠠ ᠳᠡᠭᠡᠷ᠎ᠡ ᠲᠤᠰᠤᠭᠰᠠᠨ ᠨᠠᠷᠠᠨ ᠤ᠋ ᠰᠠᠴᠤᠷᠠᠭ ᠨᠠᠨᠳᠢᠨ 
ᠨᠠᠮᠠᠶ᠋ᠢ ᠲᠥᠷᠥᠭᠦᠯᠦᠭᠰᠡᠨ ᠡᠵᠢ ᠶ᠋ᠢᠨ ᠮᠢᠨᠢ ᠬᠠᠢᠷ᠎ᠠ ᠨᠠᠨᠳᠢᠨ 
ᠨᠡᠷ᠎ᠡ ᠬᠠᠢᠷᠠᠯᠠᠭᠰᠠᠨ ᠠᠪᠤ ᠶ᠋ᠢᠨ ᠮᠢᠨᠢ ᠬᠡᠢᠮᠣᠷᠢ ᠨᠠᠨᠳᠢᠨ 
ᠨᠡᠷᠡᠲᠦ ᠳ᠋ᠦ᠍ ᠲᠤᠭᠤᠯᠤᠭᠰᠠᠨ ᠡᠳᠦᠷ ᠦ᠋ᠳ ᠮᠢᠨᠢ ᠨᠠᠨᠳᠢᠨ 
ᠨᠠᠨᠳᠢᠨ ᠡᠢᠮᠦ ᠯᠡ ᠨᠠᠨᠳᠢᠨ 
ᠨᠠᠨᠳᠢᠨ ᠲᠡᠢᠮᠦ ᠯᠠ ᠨᠠᠨᠳᠢᠨ 
ᠨᠠᠰᠤᠨ ᠤ᠋ ᠭᠠᠭᠴᠠᠬᠠᠨ ᠬᠠᠨᠢ ᠮᠢᠨᠢ ᠨᠠᠳᠠ ᠳ᠋ᠠᠭᠠᠨ ᠨᠠᠨᠳᠢᠨ 
ᠨᠠᠮᠠᠶ᠋ᠢ ᠯᠠ ᠭᠡᠰᠡᠨ ᠠᠯᠠᠭᠬᠠᠨ ᠦᠷᠡᠰ ᠮᠢᠨᠢ ᠨᠠᠨᠳᠢᠨ 
ᠨᠡᠷᠡᠲᠦ ᠳ᠋ᠦ᠍ ᠤᠴᠠᠷᠠᠭᠰᠠᠨ ᠨᠠᠢᠵᠠ ᠨᠤᠭᠤᠳ ᠮᠢᠨᠢ ᠦᠨᠡᠬᠡᠷ ᠨᠠᠨᠳᠢᠨ 
ᠨᠠᠳᠠᠳᠤ ᠢᠲᠡᠭᠡᠭᠰᠡᠨ ᠬᠥᠮᠦᠨ ᠪᠦᠬᠦᠨ ᠨᠠᠨᠳᠢᠨ
ᠳᠠᠬᠢᠯᠲᠠ
ᠪᠣᠷᠣᠭᠠᠨ ᠳᠤᠰᠤᠯ ᠤ᠋ᠳ ᠵᠥᠭᠡᠯᠡᠨ ᠰᠢᠪᠡᠷᠡᠬᠦ ᠨᠢ ᠨᠠᠨᠳᠢᠨ
ᠪᠣᠳᠣᠯ ᠦᠷᠭᠦᠭᠡᠵᠦ ᠰᠢᠪᠠᠭᠤᠳ ᠭᠠᠩᠭᠠᠨᠠᠬᠤ ᠨᠢ ᠨᠠᠨᠳᠢᠨ
ᠠᠮᠠᠷᠠᠭ ᠤ᠋ᠨ ᠪᠣᠯᠵᠣᠭ᠎ᠠ ᠵᠥᠭᠡᠯᠡᠨ ᠦᠨᠦᠰᠦᠯᠲᠡ ᠨᠢ ᠨᠠᠨᠳᠢᠨ
ᠠᠯᠳᠠᠵᠤ ᠤᠨᠤᠭᠰᠠᠨ ᠴᠤ᠌ ᠠᠮᠢᠳᠤᠷᠠᠯ ᠮᠢᠨᠢ ᠨᠠᠨᠳᠢᠨ
ᠳᠠᠬᠢᠯᠲᠠ   

    ᠦᠰᠦᠭ ᠠᠮᠢᠯᠠᠭᠤᠯᠤᠭᠴᠢ᠄ ᠰ· ᠳᠣᠷᠣᠨ᠎ᠠ
    ᠦᠰᠦᠭ ᠬᠠᠲᠠᠭᠴᠢ᠄ ᠮᠣᠳᠣᠲᠤ ᠬᠠᠪᠤᠷᠵᠢᠶ᠎ᠠ
    ᠬᠢᠨᠠᠭᠴᠢ᠄ ᠮᠣᠩᠭᠣᠯ ᠰᠦᠨᠡᠰᠦ