ᠠᠮᠠᠷᠠᠭ ᠢ᠋ᠶ᠋ᠠᠨ ᠬᠦᠯᠢᠶᠡᠨ᠎ᠡ -ᠡᠩᠬᠡᠴᠡᠴᠡᠭ Амрагаа хүлээнэ-Энхцэцэг-Enkhtsetseg - Amragaa Huleene
ᠠᠮᠠᠷᠠᠭ ᠢ᠋ᠶ᠋ᠠᠨ ᠬᠦᠯᠢᠶᠡᠨ᠎ᠡ
ᠦᠭᠡ᠄ ᠪ᠊᠂ ᠴᠡᠴᠡᠭᠳᠡᠯᠭᠡᠷ
ᠠᠶ᠎ᠠ᠄ ᠦ᠊᠂ ᠠᠷᠢᠭᠤᠨᠪᠠᠭᠠᠲᠤᠷ
ᠳᠠᠭᠤᠴᠢᠨ᠄ ᠭ᠂ ᠡᠩᠬᠡᠴᠡᠴᠡᠭ
ᠴᠢᠮᠠᠶ᠋ᠢ ᠪᠠᠨ ᠰᠠᠨᠠᠬᠤ ᠳ᠋ᠠᠭᠠᠨ ᠬᠠᠢᠷ᠎ᠠ ᠶ᠋ᠢᠨ ᠰᠠᠷᠨᠠᠢ ᠠᠪᠤᠯ᠎ᠠ
ᠴᠢᠨᠳᠠᠭᠠᠨ ᠰᠠᠷᠠᠨ ᠢ᠋ᠶ᠋ᠠᠷ ᠥᠪᠡᠷ ᠢ᠋ ᠪᠡᠨ ᠬᠠᠭᠤᠷᠤᠭᠠᠳ ᠵᠣᠭᠰᠣᠯ᠎ᠠ
ᠤᠯᠢᠶᠠᠰᠤ ᠮᠣᠳᠣᠳ ᠨᠠᠪᠴᠢᠰ ᠢ᠋ᠶ᠋ᠠᠷ ᠳᠦᠭᠦᠷᠡᠩ ᠭᠤᠶᠤᠯ᠎ᠠ
ᠤᠯᠠᠭᠠᠨᠪᠠᠭᠠᠲᠤᠷ ᠤ᠋ᠨ ᠠᠭᠠᠷ ᠴᠢᠭᠢᠭᠲᠡᠢ ᠬᠣᠨᠣᠯ᠎ᠠ
ᠠᠮᠠᠷᠠᠭ ᠮᠢᠨᠢ ᠨᠠᠳᠠ ᠳ᠋ᠠᠭᠠᠨ ᠢᠷᠡᠭᠡᠴᠢ
ᠠᠯᠠᠭ ᠵᠢᠷᠦᠬᠡ ᠮᠢᠨᠢ ᠥᠨᠥᠴᠢᠷᠡᠭᠡᠳ ᠪᠠᠢᠨ᠎ᠠ
ᠬᠣᠯᠠ ᠡᠴᠡ ᠢᠷᠡᠬᠦ ᠬᠣᠣᠰ ᠰᠢᠪᠠᠭᠤᠳ ᠢ᠋
ᠬᠣᠶᠠᠭᠤᠯᠠ ᠪᠠᠨ ᠯᠠ ᠤᠭᠲᠤᠶ᠎ᠠ ᠬᠠᠨᠢ ᠮᠢᠨᠢ ᠠ᠋
ᠤᠳᠠᠭᠠᠨ ᠬᠦᠯᠢᠶᠡᠬᠦ ᠳ᠋ᠡᠭᠡᠨ ᠵᠢᠷᠦᠬᠡ ᠮᠡᠭᠰᠢᠵᠦ ᠤᠬᠢᠯᠠᠯ᠎ᠠ
ᠤᠴᠠᠷᠠᠬᠤ ᠲᠠᠪᠢᠯᠠᠩ ᠣᠢᠷᠠᠬᠠᠨ ᠪᠠᠢᠨ᠎ᠠ ᠤᠤ ᠬᠣᠷᠸ᠎ᠠ
ᠠᠭᠤᠯᠠᠰ ᠤ᠋ᠨ ᠨᠠᠭᠠᠨ᠎ᠠ ᠰᠣᠯᠣᠩᠭ᠎ᠠ ᠲᠠᠲᠠᠭᠠᠳ ᠭᠤᠶᠤᠯ᠎ᠠ
ᠡᠭᠦᠯᠡᠨ ᠵᠦᠭ ᠡᠴᠡ ᠪᠣᠷᠣᠭᠠᠨ ᠤ᠋ ᠲᠦᠷᠦᠭᠦᠦ ᠴᠤ᠌ ᠣᠷᠣᠯ᠎ᠠ
ᠠᠮᠠᠷᠠᠭ ᠮᠢᠨᠢ ᠨᠠᠳᠠ ᠳ᠋ᠠᠭᠠᠨ ᠢᠷᠡᠭᠡᠴᠢ
ᠠᠯᠠᠭ ᠵᠢᠷᠦᠬᠡ ᠮᠢᠨᠢ ᠥᠨᠥᠴᠢᠷᠡᠭᠡᠳ ᠪᠠᠢᠨ᠎ᠠ
ᠬᠣᠯᠠ ᠡᠴᠡ ᠢᠷᠡᠬᠦ ᠬᠣᠣᠰ ᠰᠢᠪᠠᠭᠤᠳ ᠢ᠋
ᠬᠣᠶᠠᠭᠤᠯᠠ ᠪᠠᠨ ᠯᠠ ᠤᠭᠲᠤᠶ᠎ᠠ ᠬᠠᠨᠢ ᠮᠢᠨᠢ ᠠ᠋
ᠰᠠᠨᠠᠬᠤ ᠪᠦᠷᠢ ᠳ᠋ᠡᠭᠡᠨ ᠦᠳᠡᠰᠢ ᠪᠡᠷ ᠭᠠᠷᠴᠤ ᠭᠡᠶᠦᠷᠡᠯᠡ
ᠰᠠᠷᠠᠨ ᠨᠠᠳᠠ ᠲᠠᠢ ᠣᠢᠷᠠᠬᠠᠨ ᠪᠠᠢᠨ᠎ᠠ ᠤᠤ ᠬᠣᠷᠸ᠎ᠠ
ᠬᠣᠲᠠ ᠶ᠋ᠢᠨ ᠭᠤᠳᠤᠮᠵᠢ ᠪᠠᠷ ᠥᠩᠭᠡ ᠶ᠋ᠢᠨ ᠴᠡᠴᠡᠭᠡᠰ ᠤᠷᠭᠤᠯ᠎ᠠ
ᠬᠣᠨᠣᠭ ᠤ᠋ᠨ ᠵᠡᠭᠦᠳᠦᠨ ᠳ᠋ᠦ᠍ ᠴᠢᠮ᠎ᠠ ᠲᠠᠢ ᠪᠠᠨ ᠵᠤᠭᠠᠯᠠᠵᠤ ᠠᠯᠬᠤᠯ᠎ᠠ
ᠠᠮᠠᠷᠠᠭ ᠮᠢᠨᠢ ᠨᠠᠳᠠ ᠳ᠋ᠠᠭᠠᠨ ᠢᠷᠡᠭᠡᠴᠢ
ᠠᠯᠠᠭ ᠵᠢᠷᠦᠬᠡ ᠮᠢᠨᠢ ᠥᠨᠥᠴᠢᠷᠡᠭᠡᠳ ᠪᠠᠢᠨ᠎ᠠ
ᠬᠣᠯᠠ ᠡᠴᠡ ᠢᠷᠡᠬᠦ ᠬᠣᠣᠰ ᠰᠢᠪᠠᠭᠤᠳ ᠢ᠋
ᠬᠣᠶᠠᠭᠤᠯᠠ ᠪᠠᠨ ᠯᠠ ᠤᠭᠲᠤᠶ᠎ᠠ ᠬᠠᠨᠢ ᠮᠢᠨᠢ ᠠ᠋
