ᠠᠪᠤ ᠡᠵᠢ ᠬᠣᠶᠠᠷ -ᠮᠠᠨᠳᠤᠬᠤ ᠪᠠᠭᠰᠢ ᠶ᠋ᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠡᠵᠢ ᠬᠣᠶᠠᠷ -ᠮᠠᠨᠳᠤᠬᠤ ᠪᠠᠭᠰᠢ ᠶ᠋ᠢᠨ ᠤᠷᠠᠨ ᠪᠢᠴᠢᠯᠭᠡ

ᠠᠪᠤ ᠡᠵᠢ ᠬᠣᠶᠠᠷ -ᠮᠠᠨᠳᠤᠬᠤ ᠪᠠᠭᠰᠢ ᠶ᠋ᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2025-04-19

397

ᠠᠪᠤ ᠡᠵᠢ ᠬᠣᠶᠠᠷ


   ᠦᠭᠡ᠄ ᠣ· ᠪᠤᠶᠠᠠᠥ᠌ᠯᠵᠢ
   ᠠᠶ᠎ᠠ᠄ ᠪᠦᠷᠢᠨᠪᠠᠶᠠᠷ
   ᠳᠠᠭᠤᠴᠢᠨ᠄ ᠲᠡᠭᠰᠢᠪᠠᠶᠠᠷ

ᠠᠷᠤ ᠶ᠋ᠢᠨ ᠠᠭᠤᠯᠠ ᠨᠤᠲᠤᠭ ᠤ᠋ᠨ ᠮᠢᠨᠢ ᠲᠦᠰᠢᠯᠭᠡ
ᠠᠪᠤ ᠶ᠋ᠢᠨ ᠮᠢᠨᠢ ᠬᠠᠢᠷ᠎ᠠ ᠰᠡᠳᠬᠢᠯ  ᠤᠨ ᠮᠢᠨᠢ ᠲᠦᠰᠢᠯᠭᠡ
ᠡᠩᠭᠡᠷ  ᠤᠨ ᠲᠠᠯ᠎ᠠ ᠨᠤᠲᠤᠭ ᠤ᠋ᠨ ᠮᠢᠨᠢ ᠥᠯᠥᠭᠡᠢ
ᠡᠵᠢ ᠶ᠋ᠢᠨ ᠮᠢᠨᠢ ᠬᠠᠢᠷ᠎ᠠ ᠰᠡᠳᠬᠢᠯ  ᠤᠨ ᠮᠢᠨᠢ ᠥᠯᠥᠭᠡᠢ᠃

ᠠᠢ  ᠳ᠋ᠡ ᠬᠥ᠋ ᠠᠪᠤ ᠡᠵᠢ ᠬᠣᠶᠠᠷ ᠮᠢᠨᠢ ᠠ᠋
ᠠᠪᠤ ᠡᠵᠢ ᠬᠣᠶᠠᠷ ᠯᠠ ᠮᠥᠩᠬᠡ ᠶ᠋ᠢᠨ ᠰᠢᠲᠦᠭᠡᠨ᠃

ᠪᠤᠶᠠᠨᠲᠠᠢᠬᠠᠨ ᠠᠪᠤ ᠪᠣᠳᠣᠯ ᠤ᠋ᠨ ᠮᠢᠨᠢ ᠰᠢᠲᠦᠭᠡᠨ
ᠪᠣᠳᠣᠯ ᠤ᠋ᠨ ᠥᠨᠳᠥᠷ ᠲᠦ᠍ ᠮᠢᠨᠢ ᠣᠷᠭᠢᠯ ᠨᠢ ᠪᠠᠢᠨ᠎ᠠ
ᠠᠴᠢᠲᠠᠢᠬᠠᠨ ᠡᠵᠢ ᠰᠡᠳᠬᠢᠯ  ᠤᠨ ᠮᠢᠨᠢ ᠰᠢᠲᠦᠭᠡᠨ
ᠠᠮᠢᠨ ᠵᠢᠷᠦᠬᠡᠨ ᠳ᠋ᠦ᠍ ᠮᠢᠨᠢ ᠪᠦᠪᠡᠢᠯᠡᠨ ᠪᠠᠢᠨ᠎ᠠ᠃

ᠠᠢ ᠳ᠋ᠡ ᠬᠥ᠋ ᠠᠪᠤ ᠡᠵᠢ ᠬᠣᠶᠠᠷ ᠮᠢᠨᠢ ᠠ᠋
ᠠᠪᠤ ᠡᠵᠢ ᠬᠣᠶᠠᠷ ᠮᠢᠨᠢ ᠠ᠋᠃

    ᠦᠰᠦᠭ ᠠᠮᠢᠯᠠᠭᠤᠯᠤᠭᠴᠢ᠄ ᠨᠠᠷᠠᠨᠲᠣᠭᠣᠰ
    ᠬᠢᠨᠠᠭᠴᠢ᠄ ᠤᠤᠭᠠᠨᠵᠢᠳ