ᠮᠢᠨᠣ ᠮᠣᠩᠭᠣᠯ ᠰᠣᠷᠭᠠᠭᠣᠯᠢ -ᠠ᠊·ᠬᠠᠰᠴᠣᠭᠲᠤ Миний монгол сургуули-А·Хасчогт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠣ ᠮᠣᠩᠭᠣᠯ ᠰᠣᠷᠭᠠᠭᠣᠯᠢ -ᠠ᠊·ᠬᠠᠰᠴᠣᠭᠲᠤ Миний монгол сургуули-А·Хасчогт

ᠮᠢᠨᠣ ᠮᠣᠩᠭᠣᠯ ᠰᠣᠷᠭᠠᠭᠣᠯᠢ -ᠠ᠊·ᠬᠠᠰᠴᠣᠭᠲᠤ Миний монгол сургуули-А·Хасчогт

2025-04-18

2399

ᠮᠢᠨᠣ ᠮᠣᠩᠭᠣᠯ ᠰᠣᠷᠭᠠᠭᠣᠯᠢ

    ᠵᠣᠬᠢᠶᠠᠭᠴᠢ᠄ ᠠ᠊·ᠬᠠᠰᠴᠣᠭᠲᠤ  
    ᠤᠶᠠᠩᠭᠠᠯᠠᠭᠴᠢ᠄ ᠰᠠᠬᠢᠶ᠎ᠠ᠂ ᠬᠥᠪᠴᠢᠨ᠂ ᠬᠠᠨᠳᠢᠪ 

ᠦᠣᠷ ᠤ᠋ᠨ ᠰᠢᠷᠭᠠᠯ ᠲᠤᠤᠯᠢᠶᠠᠨ ᠢ᠋ᠶ᠋ᠠᠷ ᠨᠠᠷᠠ ᠪᠠᠨ ᠳᠡᠭᠦᠷᠴᠦ ᠮᠡᠨᠳᠦᠯᠡᠭᠰᠡᠨ ᠶᠤᠮ 
ᠥᠪᠡᠷ ᠦ᠋ᠨ ᠮᠢᠨᠢ ᠬᠡᠯᠡ ᠪᠡᠷ ᠭᠡᠵᠦ ᠳᠡᠯᠡᠬᠡᠢ ᠳᠣᠷᠭᠢᠲᠠᠯ᠎ᠠ ᠲᠤᠩᠬᠠᠭᠯᠠᠭᠰᠠᠨ ᠶᠤᠮ 
ᠦᠨᠳᠦᠰᠦ ᠣᠯᠠᠨ ᠤᠭᠰᠠᠭᠠᠲᠠᠨ ᠢ᠋ᠶ᠋ᠠᠷ ᠨᠡᠷ᠎ᠡ ᠪᠡᠨ ᠪᠠᠬᠠᠷᠬᠠᠭᠣᠯᠵᠣ ᠳᠠᠭᠤᠳᠠᠭᠤᠯᠤᠭᠰᠠᠨ ᠶᠤᠮ 
ᠦᠶᠦᠭ ᠮᠥᠩᠬᠡ ᠲᠣᠣᠯᠢ ᠪᠠᠨ ᠪᠣᠰᠤᠭ᠎ᠠ ᠦᠰᠦᠭ ᠢ᠋ᠶ᠋ᠡᠷ ᠢ᠋ᠶ᠋ᠡᠨ ᠪᠢᠴᠢᠭᠰᠡᠨ ᠶᠤᠮ᠃

ᠴᠡᠴᠡᠨ ᠤᠬᠠᠭᠠᠨ ᠤ᠋ ᠲᠤᠭ ᠢ᠋ᠶ᠋ᠠᠨ ᠵᠠᠭᠤᠨ ᠳᠠᠮᠵᠢᠭᠤᠯᠤᠨ ᠮᠠᠨᠳᠤᠭᠤᠯᠤᠭᠰᠠᠨ ᠶᠤᠮ 
ᠴᠠᠬᠢᠷᠠᠭ ᠬᠠᠳᠠᠨ ᠵᠣᠷᠢᠭ ᠢ᠋ᠶ᠋ᠠᠷ ᠢ᠋ᠶ᠋ᠠᠨ ᠲᠠᠪᠤᠨ ᠲᠢᠪ ᠢ᠋ ᠲᠡᠯᠡᠭᠰᠡᠨ ᠶᠤᠮ 
ᠴᠡᠮᠴᠡᠭᠡᠷ ᠬᠥᠬᠡ ᠦᠨᠳᠦᠷᠯᠢᠭ ᠢ᠋ᠶ᠋ᠡᠨ ᠶᠢᠷᠲᠢᠨᠴᠦ ᠳ᠋ᠦ᠍ ᠢᠩᠭᠢᠵᠦ ᠲᠠᠨᠢᠭᠤᠯᠤᠭᠰᠠᠨ ᠶᠤᠮ
ᠴᠡᠩᠭᠡᠭ ᠠᠭᠠᠷ ᠢ᠋ ᠨᠢ ᠵᠦᠰᠦᠵᠦ ᠮᠣᠩᠭᠣᠯ ᠢ᠋ᠶ᠋ᠠᠷ ᠪᠢᠴᠢᠵᠦ ᠲᠠᠯᠪᠢᠭᠰᠠᠨ ᠶᠤᠮ᠃

ᠠᠯᠤᠰ ᠲᠤ᠌ ᠲᠣᠪᠲᠤᠯᠬᠤ ᠰᠢᠨᠳᠠᠰᠤ ᠶ᠋ᠢᠨ ᠡᠷᠴᠢ ᠶ᠋ᠢ ᠡᠨᠳᠡ ᠡᠴᠡ ᠥᠭᠳᠡᠭ ᠶᠤᠮ
ᠠᠷᠭᠤᠮᠠᠭ ᠬᠥᠯᠥᠭ ᠢ᠋ ᠳᠠᠪᠬᠢᠭᠤᠯᠳᠠᠭ ᠵᠦᠩ ᠪᠢᠯᠢᠭ ᠦ᠋ᠨ ᠡᠬᠢ ᠶᠤᠮ
ᠠᠷᠤ ᠭᠣᠪᠢ ᠶ᠋ᠢᠨ ᠨᠡᠭᠦᠳᠡᠯᠴᠢᠨ ᠦ᠌ ᠤᠳᠬᠤᠨ ᠲᠡᠭᠷᠢ ᠶ᠋ᠢᠨ ᠲᠠᠭᠲᠤ ᠶᠤᠮ
ᠠᠳᠤᠭᠤᠨ ᠲᠦᠪᠡᠷᠭᠡᠨ ᠲᠦᠷᠢᠯᠭᠡ ᠲᠡᠢ ᠢᠷᠭᠤᠢ ᠶ᠋ᠢᠨ ᠳᠡᠯᠪᠢᠲᠦ ᠴᠡᠴᠡᠷᠯᠢᠭ ᠶᠤᠮ᠃

ᠮᠣᠩᠭᠣᠯ ᠲᠡᠦᠬᠡ ᠶ᠋ᠢᠨ ᠣᠴᠢᠭ ᠢ᠋ ᠥᠯᠥᠭᠡᠢ ᠳ᠋ᠡᠭᠡᠨ ᠪᠦᠪᠡᠢᠯᠡᠵᠦ ᠢᠷᠡᠭᠰᠡᠨ ᠶᠤᠮ 
ᠮᠣᠩᠭᠣᠯ ᠬᠥᠮᠦᠨ ᠦ᠌ ᠠᠯᠳᠠᠷ ᠢ᠋ ᠳᠠᠶᠠᠩ ᠢ᠋ᠶ᠋ᠠᠷ ᠳᠠᠭᠤᠳᠠᠭᠤᠯᠵᠤ ᠶᠠᠪᠤᠭᠰᠠᠨ ᠶᠤᠮ
ᠮᠣᠩᠭᠣᠯ ᠲᠦᠷᠦᠯᠬᠢ ᠬᠡᠯᠡ ᠪᠡᠷ ᠢ᠋ᠶ᠋ᠡᠨ ᠨᠡᠭᠦᠳᠡᠯᠴᠢᠨ ᠦ᠌ ᠰᠣᠶᠣᠯ ᠢ᠋ ᠪᠦᠳᠦᠭᠡᠭᠰᠡᠨ ᠶᠤᠮ
ᠮᠣᠩᠭᠣᠯ ᠤ᠋ᠨ ᠶᠡᠬᠡ ᠲᠠᠯ᠎ᠠ ᠳ᠋ᠤ᠌ ᠬᠥᠬᠡ ᠰᠤᠳᠤᠷ ᠲᠠᠢ ᠪᠠᠨ ᠮᠥᠩᠬᠡᠷᠡᠭᠰᠡᠨ ᠶᠤᠮ᠃

ᠬᠠᠶᠠᠭ᠎ᠠ ᠨᠠᠪᠲᠠᠷᠬᠠᠢ ᠬᠠᠷᠠᠴᠤᠰ ᠢ᠋ ᠴᠠᠭᠠᠱᠢ ᠪᠠᠨ ᠭᠡᠵᠦ ᠭᠣᠯᠣᠳᠠᠭ ᠦᠭᠡᠢ
ᠬᠠᠢᠷ᠎ᠠ ᠶ᠋ᠢᠨ ᠦᠭᠬᠢᠶᠡᠮᠦᠷ ᠰᠡᠳᠬᠢᠯ ᠲᠡᠢ ᠬᠣᠢᠴᠢᠰ ᠢ᠋ᠶ᠋ᠠᠨ ᠠᠳᠠᠯᠢᠬᠠᠨ ᠬᠥᠮᠦᠵᠢᠭᠦᠯᠳᠡᠭ
ᠬᠠᠭᠠᠨ ᠨᠠᠷᠠ ᠰᠢᠭ᠋ ᠳᠤᠯᠠᠭᠠᠬᠠᠨ ᠡᠬᠡ ᠮᠣᠩᠭᠣᠯ ᠰᠣᠶᠣᠯ ᠢ᠋ ᠮᠢᠨᠢ
ᠬᠠᠮᠤᠭ ᠦᠢᠯᠡᠰ ᠦ᠋ᠨ ᠵᠠᠯᠠᠭᠤᠷ ᠭᠡᠵᠦ ᠲᠡᠳᠬᠦᠵᠦ ᠲᠡᠵᠢᠭᠡᠵᠦ ᠵᠣᠷᠢᠭᠵᠢᠭᠤᠯᠳᠠᠭ᠃

ᠮᠥᠩᠬᠡ ᠲᠩᠷᠢ ᠶ᠋ᠢᠨ ᠵᠠᠭᠠᠳᠠᠯ ᠰᠢᠭ᠋ ᠪᠣᠰᠤᠭ᠎ᠠ ᠲᠥᠷᠬᠦ ᠶ᠋ᠢᠨ ᠵᠠᠭᠪᠤᠷ ᠶᠤᠮ
ᠮᠥᠩᠬᠡ ᠳᠦᠷᠡᠯᠵᠡᠬᠦ ᠭᠠᠯ ᠰᠢᠭ᠋ ᠵᠣᠭᠰᠣᠭ᠎ᠠ ᠡᠷᠡᠰ ᠦ᠋ᠨ ᠥᠯᠥᠭᠡᠢ ᠶᠤᠮ
ᠮᠥᠩᠬᠡ ᠭᠢᠯᠠᠷᠠᠬᠤ ᠵᠢᠪᠬᠤᠭ᠎ᠠ ᠰᠢᠭ᠋ ᠮᠣᠩᠭᠣᠯ ᠤ᠋ᠨ ᠳᠠᠷᠬᠠᠨ ᠭᠣᠯᠣᠮᠲᠠ ᠶᠤᠮ
ᠮᠥᠩᠬᠡ ᠴᠢᠯᠡᠷᠡᠬᠦ ᠦᠭᠡᠢ ᠤᠬᠠᠭ᠎ᠠ ᠲᠠᠢ ᠡᠷᠳᠡᠮ ᠦ᠋ᠨ ᠶᠡᠬᠡ ᠣᠷᠳᠣᠨ ᠶᠤᠮ᠃

ᠨᠡᠷᠡᠲᠦ ᠳ᠋ᠦ᠍ ᠨᠡᠷ᠎ᠡ ᠲᠡᠢ ᠶᠠᠪᠤᠭᠠᠷᠠᠢ ᠭᠡᠵᠦ 
ᠨᠠᠮ᠎ᠠ ᠶ᠋ᠢ ᠬᠥᠮᠦᠵᠢᠭᠦᠯᠦᠭᠰᠡᠨ ᠡᠵᠢ ᠶᠤᠮ
ᠨᠠᠪᠴᠢ ᠴᠡᠴᠡᠭ ᠰᠢᠭ ᠳᠡᠯᠭᠡᠷᠡᠭᠡᠷᠡᠢ ᠭᠡᠵᠦ ᠦᠷ᠎ᠡ ᠶ᠋ᠢ ᠮᠢᠨᠢ ᠰᠡᠬᠡᠭᠡᠷᠡᠭᠦᠯᠳᠡᠭ ᠰᠤᠷᠭᠠᠯ ᠰᠢᠦ
ᠨᠠᠷᠮᠠᠢ ᠣᠷᠣᠨ ᠳ᠋ᠠᠭᠠᠨ ᠵᠢᠳᠬᠦᠭᠡᠷᠡᠢ ᠭᠡᠰᠡᠨ ᠠᠪᠤ ᠶ᠋ᠢᠨ ᠵᠠᠬᠢᠶ᠎ᠠ ᠴᠤ᠌ ᠲᠡᠷᠡ ᠶᠤᠮ
ᠨᠠᠢᠷᠠᠮᠳᠠᠯ ᠡᠪ ᠢ᠋ ᠡᠷᠬᠢᠮᠯᠡᠭᠡᠷᠡᠢ ᠭᠡᠰᠡᠨ ᠨᠢᠭᠲᠠᠷᠠᠯ ᠤ᠋ᠨ ᠰᠤᠷᠪᠤᠯᠵᠢ ᠴᠤ᠌ ᠲᠡᠷᠡ ᠶᠤᠮ᠃

ᠨᠣᠮ ᠤ᠋ᠨ ᠴᠠᠭᠠᠨ ᠮᠥᠷ ᠢ᠋ᠶ᠋ᠡᠷ ᠬᠡᠢᠮᠣᠷᠢ ᠪᠣᠰᠤᠭ᠎ᠠ ᠶᠠᠪᠤᠭ ᠭᠡᠵᠦ
ᠬᠣᠷᠢᠨ ᠵᠢᠯ ᠦ᠋ᠨ ᠤᠷᠢᠲᠠᠢ ᠠᠪᠤ ᠮᠢᠨᠢ ᠨᠠᠮ᠎ᠠ ᠶ᠋ᠢ ᠬᠦᠷᠭᠡᠯ᠎ᠡ ᠡᠨᠳᠡ
ᠬᠣᠩᠭᠣᠷ ᠠᠯᠠᠭ ᠦᠷᠡᠰ ᠮᠢᠨᠢ ᠬᠣᠷᠸ᠎ᠠ ᠶ᠋ᠢ ᠵᠠᠬᠢᠷᠬᠤ ᠨᠢᠳᠦ ᠲᠡᠢ ᠪᠣᠯ ᠭᠡᠵᠦ
ᠬᠣᠢᠨ᠎ᠠ ᠡᠴᠡ ᠨᠢ ᠪᠢ ᠲᠡᠭᠡᠭᠡᠳ ᠠᠪᠤ ᠶ᠋ᠢᠨ ᠮᠥᠷ ᠢ᠋ ᠮᠥᠷᠳᠡᠭᠰᠡᠨ ᠶᠤᠮ᠃

ᠪᠠᠯᠴᠢᠷ ᠲᠥᠷᠬᠦ ᠦᠭᠡᠢ ᠤᠬᠠᠭᠠᠨ ᠢ᠋ ᠭᠠᠩ ᠰᠢᠭ᠋ ᠡᠨᠳᠡ ᠳᠠᠪᠲᠠᠳᠠᠭ
ᠪᠡᠷᠬᠡ ᠬᠠᠲᠠᠭᠤ ᠲᠡᠪᠴᠢᠶᠡᠷᠢ ᠶ᠋ᠢ ᠮᠣᠷᠢ ᠰᠢᠭ᠋ ᠡᠨᠳᠡ ᠰᠣᠢᠳᠠᠭ ᠶᠤᠮ
ᠪᠡᠰᠡᠷᠡᠭ ᠨᠢᠯᠬ᠎ᠠ ᠠᠭᠠᠯᠢ ᠶ᠋ᠢ ᠭᠠᠯ ᠰᠢᠭ᠋ ᠡᠨᠳᠡ ᠲᠦᠢᠮᠡᠷᠳᠡᠳᠡᠭ ᠶᠤᠮ
ᠪᠢᠴᠢᠭ ᠦ᠋ᠨ ᠨᠢᠭᠤᠴᠠᠬᠠᠢ ᠤᠳᠬᠠᠰ ᠢ᠋ ᠲᠣᠯᠢ ᠰᠢᠭ᠋ ᠡᠨᠳᠡ ᠵᠢᠭᠠᠳᠠᠭ ᠶᠤᠮ᠃

ᠲᠠᠯ᠎ᠠ ᠶ᠋ᠢᠨ ᠬᠦᠮᠦᠨ ᠦ᠌ ᠨᠢᠳᠦᠨ ᠳ᠋ᠡᠬᠢ ᠨᠠᠷᠠᠨ ᠭᠡᠷᠡᠯᠲᠦ ᠴᠠᠮᠬᠠᠭ ᠮᠢᠨᠢ
ᠲᠠ ᠪᠢᠳᠡᠨ ᠦ᠌ ᠰᠡᠳᠬᠢᠯ ᠳ᠋ᠡᠬᠢ ᠮᠥᠩᠬᠡ ᠶ᠋ᠢᠨ ᠤᠰᠤ ᠰᠢᠭ᠋ ᠰᠤᠷᠭᠠᠭᠤᠯᠢ ᠮᠢᠨᠢ
ᠮᠣᠩᠭᠣᠯ ᠬᠥᠮᠦᠨ ᠦ᠌ ᠢᠷᠡᠭᠡᠳᠦᠢ ᠭᠡᠵᠦ ᠡᠨᠳᠡ ᠡᠴᠡ ᠵᠠᠯᠭᠠᠵᠤ ᠰᠣᠨᠣᠯᠵᠠᠳᠠᠭ ᠶᠤᠮ
ᠮᠣᠷᠢᠲᠠᠨ ᠦᠨᠳᠦᠰᠦᠲᠡᠨ ᠦ᠌ ᠬᠡᠢᠮᠣᠷᠢ ᠭᠡᠵᠦ ᠡᠨᠳᠡ ᠡᠴᠡ ᠲᠡᠭᠡᠭᠡᠳ ᠮᠠᠨᠳᠤᠳᠠᠭ ᠶᠤᠮ᠃

    ᠦᠰᠦᠭ ᠠᠮᠢᠯᠠᠭᠤᠯᠤᠭᠰᠠ᠄ ᠠᠯᠲᠠᠨᠴᠢᠮᠡᠭ
    ᠬᠢᠨᠠᠭᠴᠢ᠄ ᠵᠢᠩᠯᠢᠬᠤᠸᠠᠷ