1. ᠲᠡᠷᠢᠭᠦᠨ ᠨᠢᠭᠤᠷ >
  2. ᠨᠡᠪᠲᠡᠷᠡᠭᠦᠯᠭᠡ >
  3. ᠁ ᠪᠠᠢᠳᠠᠭ᠁ - ᠪᠠᠪᠤᠤ ᠶ᠋ᠢᠨ ᡀᠬᠠᠪᠠᠰᠥ᠋ᠷᠦᠩ ᠁ Байдаг ᠁ – Бавуугийн Лхагвасүрэн

᠁ ᠪᠠᠢᠳᠠᠭ᠁ - ᠪᠠᠪᠤᠤ ᠶ᠋ᠢᠨ ᡀᠬᠠᠪᠠᠰᠥ᠋ᠷᠦᠩ ᠁ Байдаг ᠁ – Бавуугийн Лхагвасүрэн

2025-04-17

357

᠁ ᠪᠠᠢᠳᠠᠭ ᠁


                —  ᠠᠴᠢ ᠬᠦᠦ ᠬᠠᠰᠠᠷ ᠤ᠋ᠨ ᠬᠠᠰᠤᠢ ᠳ᠋ᠤ᠌    

 ᠨᠠᠷᠠ ᠪᠣᠭᠣᠨᠢ ᠲᠠᠢ 
 ᠰᠥᠨᠢ ᠤᠷᠲᠤ ᠲᠠᠢ     
     ᠥᠷᠥᠨ᠎ᠡ— ᠲᠡᠨᠳᠡ ᠠᠴᠢ ᠮᠢᠨᠢ ᠪᠠᠢᠳᠠᠭ᠃ 
 ᠰᠥᠨᠢ ᠪᠣᠭᠣᠨᠢ ᠲᠠᠢ 
 ᠨᠠᠷᠠ ᠤᠷᠲᠤ ᠲᠠᠢ      
     ᠳᠣᠷᠣᠨ᠎ᠠ— ᠡᠨᠳᠡ ᠡᠪᠦᠭᠡ ᠨᠢ ᠪᠠᠢᠳᠠᠭ᠃ 

 ᠪᠢᠳᠡ ᠬᠣᠶᠠᠷ ᠤ᠋ᠨ ᠳᠤᠮᠳᠠ    
     ᠣᠷᠣᠢ ᠳ᠋ᠠᠭᠠᠨ ᠪᠣᠳᠣᠯ ᠰᠢᠭ᠋ ᠮᠠᠨᠠᠨ ᠲᠠᠢ    
     ᠣᠯᠠᠨ ᠣᠯᠠᠨ ᠠᠭᠤᠯᠠ ᠪᠠᠢᠳᠠᠭ᠃ 

 ᠪᠢᠳᠡ ᠬᠣᠶᠠᠷ ᠤ᠋ᠨ ᠳᠤᠮᠳᠠ    
     ᠰᠠᠨᠠᠬᠤ ᠳ᠋ᠠᠭᠠᠨ ᠤᠬᠢᠯᠠᠭᠰᠠᠨ ᠨᠢᠯᠪᠤᠰᠤ ᠰᠢᠭ᠋    
     ᠰᠠᠯᠠᠭᠠᠯᠠᠭᠰᠠᠨ ᠣᠯᠠᠨ ᠮᠥᠷᠡᠨ ᠪᠠᠢᠳᠠᠭ᠃ 

 ᠪᠢᠳᠡ ᠬᠣᠶᠠᠷ ᠤ᠋ᠨ ᠳᠤᠮᠳᠠ   
     ᠰᠠᠨᠠᠭ᠎ᠠ ᠠᠯᠳᠠᠬᠤ ᠠᠮᠢᠰᠬᠤᠭᠠᠨ ᠠ᠋ᠴᠠ ᠡᠬᠢᠯᠡᠭᠰᠡᠨ     
     ᠰᠡᠪᠰᠢᠶ᠎ᠡ ᠬᠣᠩᠭᠣᠷ ᠰᠠᠯᠬᠢᠨ ᠪᠠᠢᠳᠠᠭ᠃ 

 ᠪᠢᠳᠡ ᠬᠣᠶᠠᠷ ᠤ᠋ᠨ ᠳᠤᠮᠳᠠ    
     ᠰᠡᠳᠬᠢᠯ ᠬᠡᠮᠡᠭᠴᠢ ᠰᠥᠨᠢᠵᠢᠨ ᠲᠢᠭᠯᠡᠭᠰᠡᠨ    
     ᠰᠡᠷᠡᠵᠦ ᠦᠷᠭᠦᠭᠡᠮᠡᠷ ᠦᠭᠡᠢ ᠵᠡᠭᠦᠳᠦ ᠪᠠᠢᠳᠠᠭ᠃ 

 ᠨᠠᠷᠠ ᠪᠣᠭᠣᠨᠢ ᠲᠠᠢ 
 ᠰᠥᠨᠢ ᠤᠷᠲᠤ ᠲᠠᠢ    
     ᠥᠷᠥᠨ᠎ᠡ— ᠲᠡᠨᠳᠡ ᠠᠴᠢ ᠮᠢᠨᠢ ᠪᠠᠢᠳᠠᠭ᠃ 
 ᠰᠥᠨᠢ ᠪᠣᠭᠣᠨᠢ ᠲᠠᠢ 
 ᠨᠠᠷᠠ ᠤᠷᠲᠤ ᠲᠠᠢ    
     ᠳᠣᠷᠣᠨ᠎ᠠ— ᠡᠨᠳᠡ ᠡᠪᠦᠭᠡ ᠨᠢ ᠪᠠᠢᠳᠠᠭ᠃ 

 ᠮᠣᠩᠭᠣᠯ ᠤ᠋ᠨ ᠮᠢᠨᠢ ᠥᠴᠥᠭᠡᠳᠦᠷ ᠡᠴᠡ 
 ᠥᠷᠥᠨ᠎ᠡ ᠶ᠋ᠢᠨ ᠥᠨᠥᠳᠥᠷ ᠡᠬᠢᠯᠡᠳᠡᠭ᠁ 
 ᠮᠢᠨᠦ ᠥᠴᠥᠭᠡᠳᠦᠷ ᠡᠴᠡ 
 ᠴᠢᠨᠦ ᠥᠨᠥᠳᠥᠷ ᠡᠬᠢᠯᠡᠳᠡᠭ᠁ 
 ᠦᠷ᠎ᠡ ᠮᠢᠨᠢ᠃   

                2011 ᠣᠨ  


           ᠦᠰᠦᠭ ᠠᠮᠢᠯᠠᠭᠤᠯᠤᠭᠴᠢ᠄ ᠡᠩᠬᠡᠪᠠᠲᠤ  
                ᠦᠰᠦᠭ ᠬᠢᠨᠠᠭᠴᠢ᠄ ᠪᠠᠶᠠᠷᠴᠡᠴᠡᠭ