ᠡᠪᠦᠯ - ᠪᠠ᠊· ᠴᠣᠯᠮᠣᠨӨвөл-Б·Цолмон ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠯ - ᠪᠠ᠊· ᠴᠣᠯᠮᠣᠨӨвөл-Б·Цолмон

ᠡᠪᠦᠯ - ᠪᠠ᠊· ᠴᠣᠯᠮᠣᠨӨвөл-Б·Цолмон

2025-04-18

895

          ᠪᠠ᠊· ᠴᠣᠯᠮᠣᠨ 
ᠠᠭᠤᠳᠠᠮ ᠲᠠᠯ᠎ᠠ ᠮᠥᠩᠭᠥᠨ ᠴᠠᠭᠠᠨ 
ᠴᠠᠰᠤᠨ ᠬᠥᠨᠵᠢᠯᠡ ᠪᠡᠨ ᠬᠤᠴᠢᠵᠤ ᠨᠥᠮᠥᠷᠦᠨ᠎ᠡ 
ᠠᠳᠤᠭᠤ ᠮᠠᠯ ᠨᠥᠮᠥᠷᠢ ᠳ᠋ᠦ᠍ᠨᠢ ᠪᠥᠭᠡᠮᠨᠡᠷᠡᠨ 
ᠴᠠᠩ ᠤ᠋ᠨ ᠰᠠᠭᠰᠤᠷᠭ᠎ᠠ ᠪᠠᠨ ᠰᠢᠯᠭᠡᠭᠡᠵᠦ ᠵᠣᠭᠰᠣᠨ᠎ᠠ 
ᠬᠥᠪᠬᠦ ᠡᠭᠦᠯᠡᠰ ᠦ᠋ᠨ ᠪᠠᠷᠠᠭᠠᠨ ᠰᠡᠭᠦᠳᠡᠷ 
ᠬᠥᠪᠴᠢ ᠣᠢ ᠶ᠋ᠢ ᠬᠠᠶᠠᠨ ᠪᠦᠷᠬᠦᠨ᠎ᠡ 
ᠬᠠᠢᠷᠬᠠᠨ ᠠᠭᠤᠯᠠᠰ ᠴᠠᠰᠤᠨ᠎ᠡ ᠰᠦᠮᠪᠦᠷᠯᠡᠵᠦ 
ᠬᠠᠨ ᠣᠷᠭᠢᠯ ᠨᠢ ᠬᠠᠶᠠ ᠬᠠᠷᠠᠭᠳᠠᠨ᠎ᠠ 
ᠬᠠᠩᠭᠠᠢ ᠭᠣᠪᠢ ᠪᠠᠷ ᠬᠣᠨᠢᠳ ᠳᠠᠷᠬᠠᠨ 
ᠴᠠᠰᠤ ᠮᠠᠯᠲᠠᠨ ᠪᠡᠯᠴᠢᠭᠡᠷᠯᠡᠵᠦ ᠢᠳᠡᠰᠢᠯᠡᠨ᠎ᠡ 
ᠬᠣᠯᠠᠬᠢ ᠪᠠᠷ᠎ᠠ ᠳ᠋ᠤ᠌ ᠨᠢᠳᠦ ᠭᠢᠯᠠᠯᠵᠠᠨ 
ᠴᠠᠭᠠᠨ ᠬᠡᠯᠲᠡᠰ ᠡᠩ ᠴᠠᠢᠷᠠᠨ᠎ᠠ
ᠨᠠᠷᠠᠨ ᠲᠣᠭᠣᠨᠣᠲᠤ ᠮᠣᠩᠭᠣᠯ ᠭᠡᠷ ᠡᠴᠡ
ᠨᠠᠢᠷ ᠤ᠋ᠨ ᠳᠠᠭᠤᠤ ᠲᠠᠢ ᠷᠠᠳᠢᠣ᠋ ᠰᠣᠨᠣᠷᠳᠠᠨ᠎ᠠ
ᠰᠠᠷᠠᠨ ᠳᠡᠭᠡᠪᠦᠷ ᠲᠡᠢ ᠢᠰᠡᠭᠡᠢ ᠥᠷᠥᠭᠡᠨ ᠡᠴᠡ
ᠰᠠᠭᠠᠯᠢ ᠶ᠋ᠢᠨ ᠦᠨᠦᠷᠲᠡᠢ ᠠᠷᠠᠵᠠ ᠰᠡᠩᠭᠢᠨᠡᠨ᠎ᠡ
ᠱᠥᠯᠥ ᠤᠤᠭᠤᠭᠰᠠᠨ ᠠᠢᠯ ᠤ᠋ᠨ ᠬᠠᠰᠢᠶᠠᠨ ᠳᠡᠭᠡᠷ᠎ᠡ
ᠰᠦᠷᠦᠭ ᠱᠠᠭᠠᠵᠠᠭᠠᠢ ᠠᠷᠠᠰᠤ  ᠳᠦᠢᠯᠡᠨ᠎ᠡ
ᠰᠡᠯᠡᠭᠦᠨ ᠣᠲᠣᠷ ᠲᠤ᠌ ᠬᠣᠲᠠᠴᠢ  ᠨᠣᠬᠠᠢ
ᠰᠡᠷᠡᠮᠵᠢ ᠠᠪᠤᠨ ᠠᠯᠤᠰ ᠵᠦᠭ ᠬᠣᠷᠭᠣᠭᠣᠨ᠎ᠠ
ᠬᠥᠯᠳᠡᠭᠦᠰᠦ ᠲᠥᠪᠬᠢᠨᠡᠭᠦᠯᠦᠭᠰᠡᠨ ᠭᠡᠷ ᠦ᠋ᠨ ᠡᠵᠡᠨ
ᠬᠥᠮᠡᠢ ᠬᠦᠩᠭᠢᠨᠡᠭᠦᠯᠵᠦ ᠠᠷᠤᠭ ᠢ᠋ᠶ᠋ᠠᠨ ᠬᠥᠮᠥᠷᠢᠨ᠎ᠡ
ᠬᠦᠯᠦᠭ ᠰᠠᠢᠪᠤᠷᠯᠠᠭᠤᠯᠤᠭᠰᠠᠨ ᠵᠣᠴᠢᠳ ᠪᠠᠭᠤᠯᠴᠠᠵᠤ
ᠬᠦᠬᠦᠷ ᠰᠣᠯᠢᠯᠴᠠᠵᠤ ᠬᠠᠳᠠᠭ ᠢ᠋ᠶ᠋ᠠᠷ ᠮᠡᠨᠳᠦᠴᠢᠯᠡᠨ᠎ᠡ
ᠵᠡᠷᠭᠡᠯᠡᠳᠡᠭᠡ ᠠᠢᠯ ᠤ᠋ᠨ ᠠᠵᠢᠯᠴᠢ ᠪᠦᠰᠡᠭᠦᠢᠴᠦᠳ
ᠵᠠᠢᠳᠠᠰᠤ ᠰᠠᠪᠠᠯᠠᠭᠠᠳ ᠵᠣᠭᠣᠭ ᠳᠡᠯᠭᠡᠨ᠎ᠡ
ᠬᠣᠪᠣᠩ ᠳᠤᠭᠤᠢᠯᠠᠭᠰᠠᠨ ᠪᠤᠭᠤᠷᠤᠯ ᠨᠠᠰᠤᠲᠠᠳ ᠬᠠᠭᠤᠴᠢ
ᠦᠯᠢᠭᠡᠷ ᠬᠦᠦᠷᠨᠢᠵᠦ ᠪᠠᠶᠠᠰᠤᠯᠴᠠᠨ᠎ᠠ
ᠭᠤᠨᠠᠨ ᠡᠪᠡᠷ ᠬᠥᠯᠳᠡᠬᠦ ᠡᠪᠦᠯ ᠢ᠋ᠶ᠋ᠡᠷ ᠴᠦ᠍
ᠭᠤᠸᠠᠯᠢᠭ ᠬᠡᠦᠬᠡᠨᠴᠦᠳ ᠮᠢᠨᠢ ᠳᠡᠪᠡᠯ ᠤᠷᠠᠯᠠᠨ᠎ᠠ 
ᠵᠢᠬᠡᠭᠦᠨ ᠵᠢᠩ ᠵᠤᠳ  ᠰᠢᠭᠤᠷᠭᠠᠨ ᠴᠤ᠌
ᠵᠠᠯᠠᠭᠤᠰ ᠭᠠᠳᠠᠨᠠᠬᠢ ᠠᠢᠯ ᠳ᠋ᠤ᠌ ᠰᠢᠭᠤᠷᠬᠠᠢᠯᠠᠨ᠎ᠠ

       ᠦᠰᠦᠭ ᠠᠮᠢᠯᠠᠭᠤᠯᠤᠭᠴᠢ᠄ ᠰᠠᠴᠠᠡᠭᠡᠷᠠᠯ
       ᠬᠢᠨᠠᠭᠴᠢ ᠪᠠᠭᠰᠢ᠄ ᠤᠳᠤᠨᠳᠤᠶᠠᠭ᠎ᠠ