ᠬᠤᠷᠠᠭᠠᠨ ᠪᠥᠭᠡᠷ᠎ᠡ Хурган бөөр Khurgan böör
ᠬᠤᠷᠠᠭᠠᠨ ᠪᠥᠭᠡᠷ᠎ᠡ
ᠲᠤᠰ ᠡᠮ ᠪᠣᠯ ᠲᠣᠰᠣᠨ ᠬᠠᠷᠭᠠᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠤᠷᠠᠭᠠᠨ ᠪᠥᠭᠡᠷ᠎ᠡ ᠶ᠋ᠢᠨ ᠬᠠᠲᠠᠭᠠᠭᠰᠠᠨ ᠪᠣᠯᠪᠠᠰᠤᠷᠠᠮᠠᠯ ᠦᠷ᠎ᠡ ᠮᠥᠨ᠃ ᠵᠠᠷᠢᠮ ᠭᠠᠵᠠᠷ ᠲᠤ᠌ ᠠᠪᠠᠷᠠᠢ ᠭᠡᠵᠦ ᠬᠡᠷᠡᠭᠯᠡᠳᠡᠭ᠃
[ ᠤᠤᠯ ᠤᠷᠭᠤᠮᠠᠯ] ᠮᠥᠩᠬᠡ ᠬᠥᠬᠡᠷᠡᠭᠴᠢ ᠲᠤᠷᠤᠭ ᠮᠣᠳᠣ᠃25m ᠥᠨᠳᠥᠷ᠂ ᠬᠣᠯᠲᠣᠰᠣ ᠨᠢ ᠴᠠᠢᠪᠤᠷ ᠬᠦᠷᠡᠩ᠃ ᠵᠢᠵᠢᠭ ᠮᠥᠴᠢᠷ ᠨᠢ ᠪᠠᠷᠤᠭ ᠴᠢᠭᠲᠠᠯᠠᠬᠤ ᠪᠤᠶᠤ ᠳᠤᠭᠤᠢᠷᠠᠨ ᠤᠷᠭᠤᠨ᠎ᠠ᠃ ᠨᠠᠪᠴᠢ ᠨᠢ ᠱᠤᠷᠠᠭᠯᠠᠨ ᠪᠠᠢᠷᠢᠯᠠᠨ᠎ᠠ᠂ ᠮᠤᠰᠬᠢᠷᠠᠯᠳᠤᠭᠠᠳ ᠬᠠᠭᠤᠷᠮᠠᠭ2 ᠮᠥᠷ ᠰᠢᠭ ᠪᠣᠯᠳᠠᠭ᠃ ᠨᠠᠪᠴᠢ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠂ ᠤᠷᠲᠤ ᠨᠢ1.2~2.5cm᠂2~4mm ᠥᠷᠭᠡᠨ᠂ ᠱᠣᠪᠣᠭᠣᠷ ᠣᠷᠣᠢ ᠲᠠᠢ᠂ ᠥᠷᠭᠡᠰᠦ ᠰᠢᠭ ᠣᠬᠣᠷ ᠱᠣᠪᠬᠣ ᠲᠣᠯᠣᠭᠠᠢ ᠲᠠᠢ᠂ ᠲᠣᠭᠣᠷᠢᠭ ᠤᠭ ᠲᠠᠢ᠂ ᠪᠦᠲᠦᠨ ᠬᠥᠪᠡᠭᠡ ᠲᠡᠢ᠂ ᠨᠠᠪᠴᠢᠨ ᠥᠪᠥᠷ ᠨᠢ ᠭᠦᠨ ᠨᠣᠭᠣᠭᠠᠨ᠂ ᠭᠢᠯᠦᠭᠡᠷ᠂ ᠠᠷᠤ ᠨᠢ ᠭᠦᠢᠬᠡᠨ ᠨᠣᠭᠣᠭᠠᠨ᠂ ᠭᠣᠣᠯ ᠰᠤᠳᠠᠯ ᠨᠢ ᠢᠯᠡᠷᠬᠡᠢ᠂ ᠬᠣᠶᠠᠷ ᠬᠠᠵᠠᠭᠤ ᠪᠠᠷ ᠨᠢ ᠲᠤᠰ ᠪᠦᠷᠢ1 ᠵᠤᠷᠪᠤᠰ ᠬᠣᠲᠣᠢᠭᠰᠠᠨ ᠰᠢᠷᠠᠩᠭᠤᠢ ᠴᠠᠭᠠᠨ ᠬᠡᠢ ᠶ᠋ᠢᠨ ᠰᠦᠪᠡ ᠶ᠋ᠢᠨ ᠪᠦᠰᠡ ᠲᠡᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷᠲᠡᠢ᠃ ᠡᠷ᠎ᠡ ᠪᠠᠭ ᠴᠡᠴᠡᠭ ᠨᠢ ᠥᠨᠳᠡᠭᠡᠯᠵᠢᠨ ᠪᠤᠶᠤ ᠤᠷᠲᠤ ᠵᠤᠤᠪᠠᠩ ᠬᠡᠯᠪᠡᠷᠢ ᠲᠡᠢ᠂ ᠨᠠᠪᠴᠢᠨ ᠰᠤᠭᠤ ᠳ᠋ᠤ᠌ ᠭᠠᠭᠴᠠᠭᠠᠷ ᠳᠡᠯᠭᠡᠷᠡᠨ᠎ᠡ᠃ ᠶᠡᠷᠦᠩᠬᠡᠢ ᠴᠡᠴᠡᠭ ᠦ᠋ᠨ ᠪᠠᠷᠢᠭᠤᠯ ᠲᠠᠢ᠂ ᠤᠭ ᠢ᠋ ᠨᠢ ᠬᠡᠳᠦᠨ ᠬᠣᠣᠰ ᠬᠠᠢᠷᠰᠤᠨ ᠢᠯᠲᠠᠰᠤ ᠪᠠᠷ ᠪᠠᠭᠯᠠᠵᠤ ᠪᠣᠢ᠃ ᠡᠮ᠎ᠡ ᠪᠠᠭ ᠴᠡᠴᠡᠭ ᠨᠢ ᠪᠠᠷᠢᠭᠤᠯ ᠦᠭᠡᠢ᠂ ᠨᠠᠪᠴᠢᠨ ᠰᠤᠭᠤ ᠳ᠋ᠤ᠌ ᠬᠣᠣᠰᠯᠠᠨ ᠳᠡᠯᠭᠡᠷᠡᠨ᠎ᠡ᠂1 ᠯᠡ ᠬᠦᠢᠰ ᠴᠡᠴᠡᠭ ᠨᠢ ᠦᠷᠡᠯᠡᠨ᠎ᠡ᠃ ᠤᠭ ᠲᠤᠨᠢ ᠬᠣᠶᠠᠷ ᠬᠣᠣᠰ ᠰᠦᠯᠵᠢᠯᠳᠦᠨ ᠴᠢᠭᠲᠠᠯᠠᠵᠤ ᠤᠷᠭᠤᠭᠰᠠᠨ ᠪᠠᠭᠯᠠᠭᠴᠢ ᠢᠯᠲᠠᠰᠤ ᠲᠠᠢ᠂ ᠭᠠᠳᠠᠷ ᠨᠢ1 ᠵᠢᠵᠢᠭ ᠪᠠᠭᠯᠠᠭᠴᠢ ᠢᠯᠲᠠᠰᠤ ᠲᠠᠢ᠂1 ᠬᠥᠪᠦᠷᠡᠯ ᠨᠠᠬᠢᠶ᠎ᠠ ᠲᠠᠢ᠂ ᠰᠢᠯᠤᠭᠤᠨ ᠤᠷᠭᠤᠨ᠎ᠠ᠃ ᠦᠷ᠎ᠡ ᠨᠢ ᠶᠠᠰᠤᠲᠤ ᠵᠢᠮᠢᠰ ᠰᠢᠭ᠂ ᠵᠤᠤᠪᠠᠩ ᠲᠣᠭᠣᠷᠢᠭ ᠪᠤᠶᠤ ᠲᠣᠩᠭᠣᠷᠤᠤ ᠥᠨᠳᠡᠭᠡᠯᠵᠢᠨ ᠤᠷᠲᠤ ᠲᠣᠭᠣᠷᠢᠭ ᠬᠡᠯᠪᠡᠷᠢ ᠲᠡᠢ᠂2~3cm ᠤᠷᠲᠤ᠂ ᠵᠢᠵᠢᠭ ᠣᠬᠣᠷ ᠱᠣᠪᠬᠣ ᠦᠵᠦᠭᠦᠷ ᠲᠡᠢ᠂ ᠪᠣᠯᠪᠠᠰᠤᠷᠠᠬᠤ ᠦᠶ᠎ᠡ ᠳ᠋ᠦ᠍ᠨᠢ ᠭᠠᠳᠠᠭᠤᠷ ᠨᠢ ᠮᠢᠬᠠᠯᠢᠭ ᠬᠠᠭᠤᠷᠮᠠᠭ ᠦᠷ᠎ᠡ ᠶ᠋ᠢᠨ ᠬᠠᠯᠢᠰᠤ ᠪᠠᠷ ᠪᠠᠭᠯᠠᠳᠠᠭ᠂ ᠰᠢᠷ᠎ᠠ ᠥᠩᠭᠡ ᠲᠡᠢ᠂ ᠵᠢᠭᠠᠬᠠᠨ ᠪᠣᠷᠣ ᠬᠦᠷᠡᠩ ᠲᠤᠶᠠᠭ᠎ᠠ ᠲᠠᠢ᠂ ᠦᠷ᠎ᠡ ᠶ᠋ᠢᠨ ᠬᠠᠯᠢᠰᠤ ᠨᠢ ᠶᠠᠰᠤᠯᠢᠭ᠂ ᠴᠠᠢᠪᠤᠷ ᠬᠦᠷᠡᠩ ᠥᠩᠭᠡ ᠲᠡᠢ᠃4 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂ ᠳᠠᠷᠠᠭ᠎ᠠ ᠵᠢᠯ ᠦ᠋ᠨ9~10 ᠳ᠋ᠤᠭᠠᠷ ᠰᠠᠷ᠎ᠠ ᠳ᠋ᠤ᠌ ᠵᠢᠮᠢᠰ ᠨᠢ ᠪᠣᠯᠪᠠᠰᠤᠷᠠᠨ᠎ᠠ᠃
[ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ᠂ ᠠᠭᠤᠳᠠᠮ ᠲᠠᠯ᠎ᠠ ᠭᠠᠵᠠᠷ᠂ ᠬᠦᠷᠢᠶ᠎ᠡ ᠬᠠᠰᠢᠶ᠎ᠠ ᠪᠤᠶᠤ ᠵᠠᠮ ᠤ᠋ᠨ ᠬᠠᠵᠠᠭᠤ ᠪᠠᠷ ᠲᠠᠷᠢᠵᠤ ᠪᠠᠢᠨ᠎ᠠ᠃ ᠵᠢᠶᠠᠩᠰᠦ᠂ ᠠᠨᠾᠥᠢ᠍ᠢ᠂ ᠵᠧᠵᠢᠶᠠᠩ᠂ ᠵᠢᠶᠠᠩᠰᠢ᠂ ᠹᠦᠵᠢᠶᠠᠨ᠂ ᠬᠤᠨᠠᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ ᠦᠷ᠎ᠡ ᠨᠢ ᠪᠣᠯᠪᠠᠰᠤᠷᠠᠭᠰᠠᠨ ᠦᠶ᠎ᠡ ᠳ᠋ᠦ᠍ ᠲᠡᠭᠦᠵᠦ᠂ ᠮᠢᠬᠠᠯᠢᠭ ᠬᠠᠭᠤᠷᠮᠠᠭ ᠦᠷ᠎ᠡ ᠶ᠋ᠢᠨ ᠬᠠᠯᠢᠰᠤ ᠶ᠋ᠢ ᠨᠢ ᠠᠷᠢᠯᠭᠠᠨ ᠬᠠᠶᠠᠭᠠᠳ ᠤᠬᠢᠶᠠᠵᠤ᠂ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠃ ᠲᠡᠭᠰᠢ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠪᠥᠭᠡᠷᠡᠨ ᠲᠠᠮᠢᠷ ᠢ᠋ ᠰᠠᠢᠵᠢᠷᠠᠭᠤᠯᠬᠤ᠂ ᠬᠣᠷᠣᠬᠠᠢ ᠶ᠋ᠢ ᠨᠢᠲᠤᠯᠬᠤ ᠴᠢᠳᠠᠯ ᠲᠠᠢ᠃ ᠭᠣᠣᠯᠳᠠᠭᠤ ᠪᠥᠭᠡᠷᠡᠨ ᠬᠡᠢ᠂ ᠬᠦᠵᠢ ᠬᠣᠷᠣᠬᠠᠢᠲᠤ ᠡᠪᠡᠳᠴᠢᠨ᠂ ᠬᠠᠪᠲᠠᠭᠠᠢ ᠴᠠᠭᠠᠨ ᠬᠣᠷᠣᠬᠠᠢᠲᠤ ᠡᠪᠡᠳᠴᠢᠨ᠂ ᠬᠣᠷᠣᠬᠠᠢᠲᠤ ᠪᠡᠲᠡᠭᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 榧子(香框)
ᠠᠩᠭ᠌ᠯᠢ ᠨᠡᠷ᠎ᠡ᠄ Torreya grandis Fort.
ᠦᠰᠦᠭ ᠠᠮᠢᠯᠠᠭᠤᠯᠤᠭᠴᠢ᠄ ᠲᠣᠣᠬᠣᠸᠠᠷ
ᠬᠢᠨᠠᠭᠴᠢ᠄ ᠣᠶᠤᠨᠴᠢᠮᠡᠭ ᠲᠤᠶᠠᠭ᠎ᠠ
