ᠪᠤᠳᠤᠷᠤᠯ - ᠱ᠂ ᠭᠦᠷᠦᠪᠠᠽᠠᠷ Бодорол - Ш᠂ Гүрбазар
ᠪᠤᠳᠤᠷᠤᠯ
ᠬᠠᠷᠠᠮᠰᠠᠯ᠂ ᠪᠠᠶᠠᠷ᠂ ᠳᠣᠭᠳᠣᠯᠤᠯ
ᠶᠡᠷᠦ ᠡᠴᠡ ᠪᠡᠨ ᠶᠢᠷᠲᠢᠨᠴᠦ ᠶ᠋ᠢᠨ ᠠᠳᠠ ᠬᠦᠷᠲᠡᠯ᠎ᠡ ᠰᠢᠦ
ᠡᠭᠦᠨ ᠢ᠋ ᠪᠡᠨ ᠪᠢ ᠥᠪᠡᠷ ᠲᠡᠭᠡᠨ ᠯᠡ ᠪᠢᠴᠢᠳᠡᠭ ᠪᠠᠢᠭᠰᠠᠨ ᠢ᠋ᠶ᠋ᠠᠨ
ᠦᠭᠡᠢ ᠶᠡᠷᠦ ᠨᠢ
ᠬᠥᠮᠦᠰ ᠲᠡᠢ ᠬᠤᠪᠢᠶᠠᠯᠴᠠᠪᠠᠯ ᠭᠡᠵᠦ ᠪᠣᠳᠣᠭᠰᠠᠨ ᠮᠢᠨᠢ
ᠬᠠᠴᠢᠨ ᠬᠠᠴᠢᠨ ᠪᠣᠳᠣᠯ ᠡᠷᠭᠢᠯᠳᠦᠭᠰᠡᠨ
ᠬᠠᠭᠠᠰ ᠵᠠᠭᠤᠨ ᠳᠥᠷᠪᠡᠨ ᠮᠥᠷᠲᠦ ᠪᠡᠨ
ᠥᠪᠡᠷ ᠢ᠋ᠶ᠋ᠡᠨ ᠴᠦ᠍ ᠣᠢᠯᠠᠭᠠᠭ᠎ᠠ ᠦᠭᠡᠢ ᠲᠡᠮᠳᠡᠭᠯᠡᠯ᠎ᠡ
ᠥᠪᠡᠷ ᠲᠦ᠍ ᠴᠢᠨᠢ ᠣᠳᠣ ᠳᠡᠯᠭᠡᠶ᠎ᠡ ᠳᠡ᠃
᠅᠅᠅
《ᠠᠯᠲᠠᠨ ᠭᠠᠳᠠᠰᠤᠨ》 ᠤ᠋ ᠨᠠᠢᠷ ᠣᠷᠣᠢᠵᠢᠨ ᠢ᠋ᠶ᠋ᠠᠨ ᠨᠢᠵᠢᠭᠢᠨᠡᠪᠡ
ᠨᠢᠵᠢᠭᠢᠨᠡᠭᠰᠡᠨ ᠨᠠᠢᠷ ᠠ᠋ᠴᠠ ᠨᠢ ᠴᠢᠬᠢ ᠤᠢᠳᠤᠯᠠ
ᠤᠢᠳᠤᠭᠰᠠᠨ ᠴᠢᠬᠢ ᠪᠡᠨ ᠳᠠᠷᠤᠭᠠᠳ ᠤᠨᠲᠠᠶᠤ ᠳᠠ ᠭᠡᠲᠡᠯ᠎ᠡ
ᠤᠳᠠᠬᠤ ᠦᠭᠡᠢ ᠪᠣᠯᠬᠤ ᠪᠠᠢᠭᠤᠯᠭ᠎ᠠ ᠶ᠋ᠢᠨ ᠢ᠋ᠶ᠋ᠡᠨ ᠣᠢ ᠶ᠋ᠢ ᠪᠣᠳᠣᠪᠠ ᠰᠢᠦ ᠁
ᠪᠢ ᠯᠡ ᠬᠤᠪᠢ ᠳ᠋ᠠᠭᠠᠨ ᠪᠤᠰᠤᠳ ᠠ᠋ᠴᠠ ᠤᠷᠮ᠎ᠠ ᠬᠦᠰᠡᠳᠡᠭ ᠠ᠋᠃
ᠲᠡᠨᠡᠭ ᠪᠠᠢᠨ᠎ᠠ ᠤᠤ?
᠅᠅᠅
ᠠᠳᠤᠭᠤᠨ ᠤ᠋ ᠬᠣᠮᠣᠯ ᠤᠭᠤᠭᠢᠬᠤ ᠳ᠋ᠤ᠌ ᠪᠦᠭᠰᠢᠵᠦ ᠳᠠᠪᠴᠢᠭᠤᠳᠠᠨᠠ
ᠳᠠᠪᠴᠢᠭᠤᠳᠠᠬᠤ ᠳ᠋ᠠᠭᠠᠨ ᠳᠠᠭᠠᠨ᠎ᠠ ᠳ᠋ᠤ᠌ ᠠᠭᠰᠤᠷᠤᠨᠠ
ᠠᠭᠰᠤᠷᠤᠭᠰᠠᠨ ᠠᠭᠠᠰᠢ ᠶ᠋ᠢ ᠮᠢᠨᠢ ᠨᠠᠮᠤᠷ ᠨᠣᠮᠣᠬᠠᠳᠬᠠᠵᠤ
ᠠᠬᠢᠭᠠᠳ ᠳᠣᠭᠰᠢᠷᠠᠶᠠ ᠭᠡᠪᠡᠴᠦ《ᠡᠪᠦᠯ》 ᠳ᠋ᠦ᠍ ᠵᠢᠮᠡᠯᠡᠭᠦᠯᠦᠨᠡ
᠁ ᠡᠢᠮᠦ ᠰᠠᠢᠬᠠᠨ ᠡᠬᠡ ᠣᠷᠣᠨ ᠳ᠋ᠠᠭᠠᠨ
ᠡᠷᠬᠡᠯᠡᠵᠦ ᠯᠡ ᠬᠥᠮᠦᠨ ᠪᠣᠯᠵᠠᠢ ᠳᠠ᠃
᠅᠅᠅
ᠪᠤᠬᠠᠨ ᠳ᠋ᠤ᠌ ᠶᠠᠪᠤᠭᠰᠠᠨ ᠬᠥᠮᠦᠨ
ᠦᠨᠢᠶ᠎ᠡ ᠲᠤᠭᠤᠯᠯᠠᠭᠰᠠᠨ ᠬᠣᠢᠨ᠎ᠠ ᠢᠷᠡᠬᠦ
ᠢᠷᠡᠬᠦ ᠳ᠋ᠡᠭᠡᠨ ᠶᠡᠬᠡ ᠣᠯᠠᠨ ᠰᠢᠯᠲᠠᠭ ᠲᠣᠭᠠᠴᠢᠬᠤ
ᠲᠣᠭᠠᠴᠢᠭᠰᠠᠨ ᠰᠢᠯᠲᠠᠭ ᠢ᠋ ᠨᠢ ᠬᠣᠯᠠ ᠰᠢᠳᠡᠲᠡᠯᠡ
ᠲᠣᠪᠴᠢ ᠶ᠋ᠢ ᠨᠢ ᠣᠶᠣᠬᠤ ᠰᠠᠨ᠂ ᠪᠦᠰᠡᠭᠦᠢ ᠶ᠋ᠢᠨ ᠢᠨᠢᠶᠡᠳᠦ ᠬᠠᠭ᠎ᠠ ᠦᠰᠦᠷᠪᠡ
᠁ ᠠᠳᠤᠭᠤ ᠪᠠᠨ ᠣᠯᠤᠭ᠎ᠠ ᠦᠭᠡᠢ ᠴᠦ᠍
ᠠᠮᠠᠷᠠᠭ ᠢ᠋ᠶ᠋ᠠᠨ ᠣᠯᠬᠤ ᠠ᠋ ᠭᠡᠵᠢ᠃
᠅᠅᠅
ᠪᠣᠷᠣ ᠲᠤᠯᠤᠭᠠᠳ ᠤ᠋ᠨ ᠰᠡᠭᠦᠳᠡᠷ ᠦᠷᠭᠡᠯᠡᠨ᠎ᠡ ᠤᠤ
ᠦᠷᠭᠡᠯᠡᠬᠦ ᠳ᠋ᠡᠭᠡᠨ ᠤᠰᠤ ᠵᠡᠭᠦᠳᠦᠯᠡᠨ᠎ᠡ ᠤᠤ
ᠵᠡᠭᠦᠳᠦᠨ ᠦ᠌ ᠳᠠᠯᠠᠢ ᠳ᠋ᠠᠭᠠᠨ ᠨᠣᠷᠴᠤ ᠵᠢᠷᠭᠠᠬᠤ ᠳ᠋ᠤ᠌ ᠴᠢᠨᠢ
ᠵᠡᠭᠦᠨ ᠪᠦᠷᠢᠳᠦ ᠨᠠᠰᠤ ᠪᠠᠷ ᠢ᠋ᠶ᠋ᠠᠨ ᠭᠣᠮᠣᠳᠠᠨ᠎ᠠ ᠳᠠ
᠁ ᠰᠤᠭᠤᠳᠠᠭᠰᠠᠨ ᠪᠦᠰᠡᠭᠦᠢ ᠶ᠋ᠢᠨ ᠢ᠋ᠶ᠋ᠡᠨ ᠳᠡᠭᠡᠭᠦᠷ
ᠰᠠᠢᠬᠠᠨ ᠬᠡᠦᠬᠡᠨ ᠰᠢᠷᠲᠡᠪᠡ ᠳᠡ᠃
᠅᠅᠅
ᠪᠥᠰᠡᠨ ᠬᠡᠩᠭᠡᠷᠭᠡ ᠲᠦᠵᠢᠭᠢᠨᠡᠨᠡ
ᠲᠦᠵᠢᠭᠢᠨᠡᠬᠦ ᠳ᠋ᠡᠭᠡᠨ ᠬᠥᠬᠡ ᠬᠦᠳᠡᠩ ᠢ᠋ ᠳᠡᠭᠳᠡᠭᠡᠨᠡ
ᠳᠡᠭᠳᠡᠭᠰᠡᠨ ᠡᠭᠦᠯᠡᠨ ᠡᠴᠡ ᠪᠣᠷᠣᠭ᠎ᠠ ᠰᠢᠪᠡᠷᠡᠬᠦᠢ
ᠳᠡᠭᠡᠳᠦ ᠲᠩᠷᠢ ᠳ᠋ᠦ᠍ ᠭᠠᠵᠠᠷ ᠡᠷᠬᠡᠯᠡᠨ᠎ᠡ
᠁ ᠶᠢᠷᠲᠢᠨᠴᠦ ᠶ᠋ᠢᠨ ᠴᠢᠮᠡᠭᠡ ᠭᠡᠵᠦ ᠪᠠᠢᠳᠠᠭ ᠪᠠᠢᠬ᠎ᠠ ᠠ᠋᠃
᠅᠅᠅
ᠪᠥᠪᠡᠭᠡᠯᠵᠢᠨ ᠴᠡᠴᠡᠭ ᠦ᠋ᠨ ᠣᠷᠣᠢ ᠪᠥᠭᠲᠥᠢᠵᠦ
ᠪᠥᠭᠲᠥᠢᠭᠰᠡᠨ ᠴᠢᠭ ᠢ᠋ᠶ᠋ᠡᠷ ᠢ᠋ᠶ᠋ᠡᠨ ᠭᠠᠵᠠᠷ ᠦᠨᠦᠰᠪᠡ
ᠦᠨᠦᠰᠦᠭᠦᠯᠦᠭᠰᠡᠨ ᠭᠠᠵᠠᠷ ᠤ᠋ᠨ ᠨᠢᠯᠬ᠎ᠠ ᠰᠡᠷᠪᠡᠭᠡ᠃
ᠦᠨᠳᠦᠰᠦ ᠪᠡᠨ ᠢᠷᠡᠵᠦ ᠬᠤᠴᠢᠯᠭ᠎ᠠ ᠪᠠᠨ ᠨᠢᠬᠡᠰᠬᠡᠪᠡ᠃
᠁ ᠬᠥᠮᠦᠨ ᠤᠶᠠᠷᠠᠬᠤ ᠵᠦᠭ ᠤᠷᠤᠭᠤ ᠪᠠᠨ ᠤᠷᠭᠤᠳᠠᠭ ᠪᠠᠢᠬ᠎ᠠ᠃
᠅᠅᠅
ᠸᠩᠭᠣ᠋ ᠨᠠᠮᠠᠶ᠋ᠢ ᠳᠠᠭᠤᠳᠠᠬᠤ ᠰᠢᠭ᠋ ᠳᠠᠭᠤᠳᠠᠩᠭᠤᠲᠠ ᠪᠠᠨ
ᠥᠪᠡᠷ ᠢ᠋ᠶ᠋ᠡᠨ ᠵᠢᠭᠤᠲᠠᠬᠤ ᠰᠢᠭ᠋
ᠵᠢᠭᠤᠲᠠᠭᠰᠠᠨ ᠤ᠋ ᠬᠣᠢᠨ᠎ᠠ ᠠ᠋ᠴᠠ ᠡᠯᠳᠡᠯᠲᠡᠢ ᠴᠦ᠍ ᠪᠢᠰᠢ ᠳᠡ
ᠵᠠᠭᠤᠨ ᠲᠠᠩᠳᠠ ᠬᠣᠢᠴᠢ ᠦᠶ᠎ᠡ ᠪᠡᠨ ᠳᠠᠭᠠᠵᠢᠩᠨᠠᠳᠠᠭ ᠬᠣᠢᠨ᠎ᠠ ᠳᠠ
᠁ ᠡᠶᠸᡁᠢ᠍ᠯᠢ ᠶ᠋ᠢᠨ ᠱᠠᠪᠢ ᠨᠢ ᠪᠢ ᠭᠡᠪᠡᠯ ᠡᠨᠡ ᠬᠥᠮᠦᠰ ᠶᠠᠭᠠᠬᠢᠬᠤ ᠪᠣᠯ!
᠅᠅᠅
ᠬᠥᠩᠭᠡᠷ ᠤᠯᠠᠭᠠᠨ ᠰᠢᠪᠠᠭᠤ ᠨᠢᠰᠴᠦ
ᠨᠢᠰᠦᠩᠭᠦᠲᠡ ᠪᠡᠨ ᠭᠦᠮᠦᠳᠠ ᠴᠡᠴᠡᠭ ᠦ᠋ᠨ ᠳᠡᠭᠡᠷ᠎ᠡ ᠡᠷᠭᠢᠯᠳᠦᠨᠡᠮ
ᠡᠷᠭᠢᠯᠳᠦᠨ ᠪᠣᠢ ᠭᠠᠢᠬᠠᠯᠲᠠᠶᠠ ᠣᠷᠴᠢᠨ ᠳ᠋ᠤᠨᠢ
ᠡᠷᠲᠡ ᠴᠠᠭ ᠤ᠋ᠨ ᠲᠤᠤᠯᠢᠰ ᠲᠠᠢ ᠰᠠᠳᠤᠨᠰᠠᠨᠠ
᠁ ᠶᠡᠬᠡ ᠢᠯᠭᠤᠮ ᠴᠢᠨᠠᠳᠤ ᠶᠠᠭᠤᠮᠠᠨ ᠤ᠋ ᠲᠥᠯᠥᠭᠡ ᠪᠣᠳᠣᠬᠤ ᠡᠳᠦᠷ
ᠥᠪᠡᠷ ᠲᠡᠭᠡᠨ ᠭᠠᠷᠭᠠᠮᠠᠷ ᠰᠢᠦ᠃
᠅᠅᠅
ᠳ᠋ᠠᠴᠢᠨ᠂ ᠨᠠᠴᠢᠨ᠂ ᠬᠠᠷᠴᠠᠭᠠᠢ ᠭᠤᠷᠪᠠ ᠬᠥᠭᠡᠭᠡᠴᠡᠯᠳᠦᠨ᠎ᠡ
ᠬᠥᠭᠡᠭᠡᠴᠡᠯᠳᠦᠬᠦ ᠳ᠋ᠡᠭᠡᠨ ᠬᠥᠬᠡ ᠲᠩᠷᠢ ᠶ᠋ᠢ ᠭᠤᠷᠢᠶᠠᠯᠠᠨᠠ
ᠭᠤᠷᠢᠶᠠᠯᠠᠭᠰᠠᠨ ᠰᠢᠷᠭᠠᠯ ᠬᠦᠷᠢᠶ᠎ᠡ ᠪᠡᠷ ᠨᠢ
ᠭᠠᠯᠪᠠ ᠴᠠᠭ ᠤ᠋ᠨ ᠲᠣᠭᠠᠯᠠᠯ ᠵᠣᠬᠢᠶᠠᠭᠳᠠᠨ᠎ᠠ
᠁《 ᠳᠥᠷᠪᠡᠨ ᠴᠠᠭ》 ᠢ᠋ ᠳᠠᠭᠤᠯᠠᠵᠤ ᠰᠠᠭᠤᠭᠠᠳ ᠥᠲᠡᠯᠬᠦ ᠰᠠᠨ᠃
᠅᠅᠅
ᠳᠡᠪᠡᠷᠡᠭᠰᠡᠨ ᠰᠦᠨ ᠦ᠌ ᠬᠥᠭᠡᠰᠦ ᠲᠠᠭ ᠢ᠋ᠶ᠋ᠠᠨ ᠬᠥᠯᠥᠷᠡᠭᠡᠨᠡ
ᠬᠥᠯᠥᠷᠡᠯᠡ ᠬᠥᠯᠥᠷᠡᠯᠡ ᠭᠡᠳ ᠲᠦᠯᠡᠭᠡ ᠨᠣᠷᠭᠠᠬᠤ ᠦᠭᠡᠢ
ᠨᠣᠷᠤᠭᠠ ᠦᠭᠡᠢ ᠠᠷᠭᠠᠯ ᠬᠣᠷᠮᠣᠢᠯᠠᠭᠰᠠᠨ ᠳᠡᠪᠡᠯ ᠦ᠋ᠨ ᠮᠢᠨᠢ
ᠨᠣᠢᠲᠠᠨ ᠰᠡᠷᠪᠡᠭᠡ ᠬᠡᠵᠢᠶ᠎ᠡ ᠬᠠᠲᠠᠭ᠎ᠠ ᠪᠣᠯ ᠳᠠ
᠁ ᠨᠣᠴᠣᠵᠤ ᠪᠠᠢᠭ᠎ᠠ ᠳ᠋ᠠᠭᠠᠨ ᠡᠷᠡᠮᠰᠢᠭᠰᠡᠨ ᠭᠠᠯ ᠪᠦᠬᠦᠨ
ᠰᠠᠭᠰᠠᠭᠤ ᠨᠣᠷᠮ᠎ᠠ ᠪᠣᠯᠬᠤ ᠦᠭᠡᠢ ᠶᠦᠮ ᠰᠢᠭ ᠭᠠᠯᠵᠠᠭᠤ ᠳᠦᠷᠡᠯᠵᠡᠬᠦ ᠶ᠋ᠢ ᠨᠢ
ᠬᠠᠷᠠᠬᠤ ᠰᠠᠢᠬᠠᠨ ᠪᠠᠢᠳᠠᠭ ᠶᠤᠮ᠃
᠅᠅᠅
ᠳᠠᠯᠠᠩ ᠰᠠᠪᠢᠷᠠᠭᠰᠠᠨ ᠰᠦ
ᠰᠦ ᠲᠤᠰᠤᠭᠰᠠᠨ ᠬᠤᠪᠢᠩ
ᠬᠤᠪᠢᠩ ᠤ᠋ᠨ ᠢᠷᠣᠭᠠᠯ ᠳ᠋ᠤ᠌ ᠰᠦ ᠲᠡᠢ ᠬᠠᠷᠠᠴᠠ
ᠬᠠᠷᠠᠴᠠᠨ ᠳ᠋ᠤᠨᠢ ᠢᠰᠡᠭᠡᠢ ᠦᠨᠡᠭᠡ ᠲᠡᠢᠴᠢᠭᠢᠨᠡᠨᠡ
᠁ ᠡᠵᠢ ᠡᠴᠡ ᠪᠡᠨ ᠬᠣᠢᠰᠢ
ᠨᠤᠲᠤᠭ ᠲᠠᠭᠠᠨ ᠣᠴᠢᠬᠤ ᠠ᠋ᠴᠠ ᠯᠠ ᠵᠢᠷᠦᠬᠡᠰᠢᠶᠡᠳᠡᠭ ᠶᠦᠮ
ᠡᠨᠡᠭᠦᠬᠡᠨ ᠤᠷᠢᠳᠤ ᠬᠥᠲᠥᠯ ᠡᠴᠡ ᠭᠠᠷᠤᠭᠠᠳ ᠴᠦ᠍ ᠢᠷᠡᠬᠦ ᠶᠦᠮ ᠰᠢᠭ᠁
᠅᠅᠅
ᠳᠠᠭᠤ ᠠᠯᠲᠠᠨ ᠵᠢᠩᠭᠢᠨᠡᠭᠰᠡᠭᠡᠷ ᠯᠡ᠁
ᠬᠥᠷᠰᠢ ᠶ᠋ᠢᠨ ᠬᠣᠩᠬᠣ ᠬᠣᠩᠬᠣᠨ ᠤ᠋ ᠪᠠᠨ ᠭᠤᠶᠤᠯᠲᠠ ᠪᠠᠷ
ᠬᠠᠭᠠᠯᠭ᠎ᠠ ᠣᠩᠭᠣᠢᠭᠰᠠᠨ ᠦᠭᠡᠢ
ᠣᠩᠭᠣᠢᠬᠤ ᠦᠭᠡᠢ ᠬᠠᠭᠠᠯᠭᠠᠨ ᠤ᠋ ᠬᠢᠨᠢ ᠬᠠᠲᠠᠪᠴᠢ ᠶ᠋ᠢ ᠰᠠᠬᠢᠨ
ᠣᠷᠣᠢᠲᠠᠭᠰᠠᠨ ᠬᠦᠷᠭᠡᠨ ᠨᠢ ᠭᠡᠭᠡᠨ ᠡᠴᠡ ᠢᠴᠢᠬᠦ ᠳ᠋ᠡᠭᠡᠨ ᠭᠡᠷ ᠲᠡᠭᠡᠨ ᠬᠠᠷᠢᠯ᠎ᠠ
᠁ ᠨᠢᠭᠡ ᠯᠡ ᠥᠷᠯᠥᠭᠡ ᠬᠠᠨᠢ ᠳ᠋ᠠᠭᠠᠨ ᠪᠠᠢᠲᠤᠭᠠᠢ
ᠪᠤᠷᠬᠠᠨ ᠳ᠋ᠤ᠌ ᠴᠦ᠍ ᠭᠣᠯᠣᠭᠳᠠᠬᠤ ᠡᠳᠦᠷ ᠭᠠᠷᠤᠨ᠎ᠠ ᠳᠠ᠃
᠅᠅᠅
ᠵᠣᠭᠰᠣᠬᠤ ᠠ᠋ᠴᠠ ᠪᠤᠰᠤ ᠶᠠᠪᠤᠵᠤ ᠦᠯᠦ ᠴᠢᠳᠠᠬᠤ
ᠴᠢᠳᠠᠬᠤ ᠦᠭᠡᠢ ᠳ᠋ᠡᠭᠡᠨ ᠥᠪᠡᠷ ᠢ᠋ᠶ᠋ᠡᠨ ᠡᠰᠡ ᠴᠢᠬᠤᠯᠳᠠᠬᠤ
ᠴᠢᠬᠤᠯᠳᠠᠯ ᠦᠭᠡᠢ ᠠᠮᠤᠭᠤᠯᠠᠩ ᠲᠥᠷᠬᠦ ᠨᠢ
ᠴᠢᠯᠠᠭᠤᠨ ᠬᠥᠰᠢᠶᠡᠨ ᠦ᠌ ᠰᠦᠷ ᠢ᠋ ᠨᠡᠷᠡᠯᠡᠬᠦ
᠁ ᠶᠡᠬᠡ ᠴᠢᠮᠡᠭᠡ ᠦᠭᠡᠢ ᠲᠥᠷᠬᠦ ᠠᠢᠳᠠᠰ ᠲᠥᠷᠥᠭᠦᠯᠳᠡᠭ ᠯᠡ ᠳᠡ᠃
᠅᠅᠅
ᠢᠯᠡᠭᠦᠦ ᠭᠡᠷ ᠦ᠋ᠨ ᠬᠠᠯᠲᠠᠷ ᠬᠠᠨ᠎ᠠ ᠶ᠋ᠢ ᠲᠣᠮᠣ ᠬᠥᠬᠦᠦᠷ ᠳᠠᠷᠤᠨ᠎ᠠ
ᠳᠠᠷᠤᠭᠳᠠᠭᠰᠠᠨ ᠬᠠᠨᠠᠨ ᠤ᠋ ᠲᠣᠯᠣᠭᠠᠢ ᠰᠢᠭᠢᠷ᠎ᠡ ᠪᠡᠨ ᠲᠡᠢᠷᠦᠨᠡ
ᠲᠡᠢᠷᠦᠭᠰᠡᠨ ᠬᠥᠬᠡ ᠪᠤᠷᠭᠠᠰᠤ ᠬᠥᠮᠦᠨ ᠪᠠᠢᠭᠰᠠᠨ ᠪᠣᠯ
ᠲᠠᠮᠠᠭ᠎ᠠ ᠶ᠋ᠢᠨ ᠨᠠᠢᠷ ᠳᠡᠭᠡᠷ᠎ᠡ ᠭᠡᠭᠦᠦ ᠳ᠋ᠦ᠍ ᠠᠭᠰᠤᠷᠤᠨᠠ ᠳᠠ
᠁ ᠵᠢᠷᠭᠠᠯ ᠢ᠋ ᠣᠢᠷᠠᠬᠠᠨ ᠠ᠋ᠴᠠ ᠴᠤᠭᠯᠠᠭᠤᠯᠤᠭᠰᠠᠨ ᠬᠥᠮᠦᠨ
ᠠᠷᠠᠳ ᠤ᠋ᠨ ᠳᠠᠭᠤᠤ ᠶ᠋ᠢ ᠠᠮᠠᠷᠴᠢᠯᠠᠵᠤ ᠠᠶᠠᠯᠳᠠᠭ ᠪᠠᠢᠬ᠎ᠠ ᠳᠠ᠃
᠅᠅᠅
ᠮᠥᠬᠥᠯ ᠦᠭᠡᠢ ᠶᠡᠬᠡ ᠳᠡᠭᠡᠳᠦ ᠲᠩᠷᠢ
ᠲᠩᠷᠢ ᠶ᠋ᠢᠨ ᠳᠣᠣᠷᠠᠬᠢ ᠲᠠᠭᠱᠠᠯ
ᠲᠠᠭᠱᠠᠨ ᠪᠦᠬᠦᠨ ᠦ᠌ ᠵᠤᠯᠠᠢ ᠶ᠋ᠢ ᠠᠷᠭᠠᠳᠠᠶ᠎ᠠ
ᠳᠠᠬᠢᠨ ᠲᠥᠷᠥᠯ ᠳ᠋ᠦ᠍ ᠮᠢᠨᠢ ᠨᠠᠮᠠᠶ᠋ᠢ
ᠨᠠᠢᠷᠠᠭᠴᠢ ᠯᠠ ᠪᠢᠲᠡᠭᠡᠢ ᠪᠣᠯᠭᠠᠭᠠᠷᠠᠢ
᠁ ᠰᠢᠪᠠᠭᠤ ᠰᠠᠭᠤᠭᠰᠠᠨ ᠠᠷᠭᠠᠯ ᠢ᠋ ᠢᠯᠢᠬᠦ ᠳ᠋ᠦ᠍
ᠰᠣᠯᠢᠶᠠᠲᠠᠢ ᠬᠥᠮᠦᠨ ᠭᠡᠵᠦ ᠪᠣᠳᠣᠵᠠᠭᠠᠨᠠ ᠪᠢᠯᠡ᠂ ᠲᠡᠳᠡ᠃
᠅᠅᠅
ᠳᠣᠮᠣᠭ ᠤ᠋ᠨ ᠥᠷᠯᠥᠭᠡᠨ ᠦ᠌ ᠶᠠᠭᠠᠨ ᠰᠢᠭᠦᠳᠡᠷᠢ ᠶ᠋ᠢ
ᠬᠥᠯ ᠨᠢᠴᠦᠭᠦᠨ ᠲᠠᠭᠤᠴᠢᠵᠤ
ᠳᠣᠭᠳᠣᠯᠵᠤ ᠶᠠᠪᠤᠭ᠎ᠠ ᠪᠠᠨ ᠯᠠ
ᠬᠥᠮᠦᠨ ᠦ᠌ ᠵᠢᠷᠭᠠᠯ ᠭᠡᠵᠦ ᠵᠠᠯᠪᠠᠷᠢᠶ᠎ᠠ
᠁ ᠰᠠᠢᠬᠠᠨ ᠰᠢᠦ᠃
᠅᠅᠅
ᠮᠥᠰᠥᠨ ᠦ᠌ ᠴᠢᠮᠡᠭᠡ ᠮᠥᠩᠭᠥᠨ ᠱᠠᠨᠵᠠ ᠰᠢᠭ᠋
ᠮᠥᠩᠭᠥᠨ ᠱᠠᠨᠵᠠ ᠪᠠᠷ ᠨᠢ ᠬᠠᠢᠷ᠎ᠠ ᠶ᠋ᠢᠨ ᠠᠶᠠᠯᠭᠤ ᠳᠠᠷᠤᠪᠠ
ᠳᠠᠷᠤᠭᠰᠠᠨ ᠠᠶᠠᠯᠭᠤ ᠨᠢ ᠬᠠᠷᠢᠨ
《ᠳᠠᠩ ᠳᠡᠪᠡᠯ ᠲᠡᠢ ᠭᠠᠷᠤᠭᠰᠠᠨ ᠯᠠ》᠁ ᠳᠠᠷᠤᠪᠠ
᠁ ᠠᠯᠤᠰ ᠶᠠᠪᠤᠬᠤ ᠳ᠋ᠤ᠌ ᠠᠷᠠᠳ ᠤ᠋ᠨ ᠳᠠᠭᠤᠤ ᠯᠠ
ᠠᠮᠠᠨ ᠳ᠋ᠤ᠌ ᠬᠦᠯᠬᠦᠭᠳᠡᠬᠦ ᠶᠦᠮ ᠳᠡ᠃
᠅᠅᠅
ᠮᠢᠨᠦ ᠡᠮᠦᠨᠡᠭᠦᠷ ᠰᠠᠯᠬᠢ ᠬᠥᠭᠡᠷᠦᠨ᠎ᠡ
ᠬᠥᠭᠡᠷᠦᠭᠰᠡᠨ ᠠᠭᠠᠰᠢᠨ ᠳ᠋ᠤᠨᠢ ᠬᠠᠮᠬᠤᠤᠯ ᠭᠡᠯᠮᠡᠭᠳᠡᠨ᠎ᠡ
ᠭᠡᠯᠮᠡᠭᠳᠡᠭᠰᠡᠨ ᠬᠠᠮᠬᠤᠤᠯ ᠳ᠋ᠤ᠌ ᠬᠥᠰᠢᠶ᠎ᠡ ᠪᠤᠰᠬᠠᠬᠤᠢ
ᠬᠡᠭᠡᠷ᠎ᠡ ᠶ᠋ᠢᠨ ᠰᠠᠯᠬᠢ ᠨᠠᠷᠠᠨ ᠳ᠋ᠤ᠌ ᠴᠠᠭᠠᠵᠠᠯᠠᠭᠤᠯᠤᠨᠠ
᠁《 ᠬᠥᠮᠦᠨ ᠮᠡᠳᠡᠬᠦ ᠦᠭᠡᠢ ᠶᠠᠭᠤᠮᠠᠨ ᠤ᠋ ᠪᠠᠨ ᠳᠠᠢᠰᠤᠨ》 ᠭᠡᠰᠡᠨ
ᠳ᠂ ᠨᠠᠮᠳᠠᠭ ᠪᠠᠭᠰᠢ ᠶ᠋ᠢᠨ ᠢ᠋ᠶ᠋ᠡᠨ ᠦᠭᠡ ᠶ᠋ᠢ ᠦᠷᠭᠦᠯᠵᠢ ᠪᠣᠳᠣᠵᠤ ᠶᠠᠪᠤᠳᠠᠭ ᠶᠤᠮ ᠠ᠋᠂ ᠪᠢ᠃
᠅᠅᠅
ᠬᠥᠭᠡᠷᠬᠦ ᠴᠦ᠍ ᠭᠡᠵᠦ ᠳᠡ᠂ ᠥᠲᠥᠯᠡᠴᠢᠬᠡᠵᠡᠢ
ᠥᠲᠥᠯᠡᠭᠰᠡᠨ ᠨᠠᠷᠠᠨ ᠤ᠋ ᠲᠤᠶᠠᠭ᠎ᠠ ᠪᠠᠷ
ᠦᠷᠭᠡᠯᠡᠨ ᠰᠡᠷᠡᠬᠦ ᠳ᠋ᠡᠭᠡᠨ ᠥᠪᠡᠷ ᠡᠴᠡ ᠪᠡᠨ ᠠᠶᠤᠨ᠎ᠠ
᠁ ᠴᠠᠭ ᠬᠤᠭᠤᠴᠠᠭᠠᠨ ᠳ᠋ᠤ᠌ ᠣᠷᠢᠶᠠᠯᠭᠠᠭᠤᠯᠬᠤ ᠠ᠋ᠴᠠ
ᠵᠠᠷᠢᠮ ᠳ᠋ᠠᠭᠠᠨ ᠶᠡᠬᠡ ᠬᠠᠯᠭᠠᠬᠤ ᠶᠤᠮ᠃
᠅᠅᠅
ᠨᠠᠢᠷ ᠨᠠᠢᠷ ᠤ᠋ᠨ ᠥᠨᠳᠥᠷ ᠲᠦ᠍ ᠡᠪᠦᠭᠡᠨ ᠰᠢᠪᠠᠭᠤ
ᠡᠪᠦᠭᠡᠨ ᠰᠢᠪᠠᠭᠤ ᠶ᠋ᠢ ᠰᠣᠨᠣᠰᠬᠤ ᠲᠩᠷᠢ ᠬᠠᠷᠠᠭᠤᠯᠳᠠᠨ᠎ᠠ
ᠬᠠᠷᠠᠭᠤᠯᠳᠠᠭᠰᠠᠨ ᠲᠩᠷᠢ ᠶ᠋ᠢᠨ ᠴᠢᠨᠠᠳᠤ ᠠ᠋ᠴᠠ
ᠬᠠᠵᠠᠭᠠᠷ ᠤ᠋ᠨ ᠲᠣᠨᠣᠭ ᠰᠢᠭ᠋ ᠳᠣᠯᠣᠭᠠᠨ ᠪᠤᠷᠬᠠᠨ ᠱᠠᠷᠬᠢᠨᠠ
᠁ ᠵᠢᠷᠭᠠᠯᠲᠠᠢ ᠨᠠᠢᠷ ᠢ᠋ ᠬᠣᠯᠠ ᠠ᠋ᠴᠠ ᠰᠣᠨᠣᠰᠴᠤ᠂
ᠬᠠᠴᠠᠷ ᠨᠢ ᠤᠯᠠᠢᠭᠰᠠᠨ ᠬᠡᠦᠬᠡᠨ ᠨᠦ᠍ᠭᠦᠳ
ᠳᠡᠰ ᠳᠡᠰ ᠬᠥᠬᠥᠷᠡᠬᠦ ᠶ᠋ᠢ ᠴᠢᠩᠨᠠᠵᠤ ᠰᠠᠭᠤᠬᠤ ᠳ᠋ᠤ᠌
ᠣᠳᠣ᠂ ᠴᠠᠬᠢᠭᠤᠷ ᠬᠣᠶᠠᠷ ᠢ᠋ ᠠᠳᠠᠯᠢᠬᠠᠨ ᠪᠣᠳᠣᠳᠠᠭ ᠶᠤᠮ᠃
᠅᠅᠅
ᠨᠣᠭᠣᠭᠠᠨ ᠤ᠋ ᠶᠡᠬᠡ ᠤᠨᠢᠶᠠᠷ ᠲᠤ
ᠨᠢᠯᠬ᠎ᠠ ᠤᠨᠠᠭ᠎ᠠ ᠰᠣᠭᠲᠣᠭᠤ
ᠰᠣᠭᠲᠣᠭᠤ ᠤᠨᠠᠭᠠᠨ ᠤ᠋ ᠲᠤᠭᠤᠷᠠᠢ ᠳ᠋ᠤ᠌
ᠬᠥᠬᠡ ᠪᠢᠯᠡᠭᠦᠦ ᠭᠠᠯᠵᠠᠭᠤ
ᠭᠠᠯᠵᠠᠭᠤ ᠪᠢᠯᠡᠭᠦᠦ ᠶ᠋ᠢᠨ ᠣᠴᠢᠨ ᠳ᠋ᠤ᠌
ᠭᠠᠳᠠᠭ᠎ᠠ ᠳᠡᠯᠭᠡᠷ ᠵᠤᠨ ᠨᠣᠴᠣᠨ᠎ᠠ
᠁ ᠭᠡᠷ ᠦ᠋ᠨ ᠢ᠋ᠶ᠋ᠡᠨ ᠬᠠᠶᠠᠭ᠎ᠠ ᠪᠠᠷ
ᠰᠠᠯᠬᠢ ᠳᠣᠭᠣᠭᠢᠯᠠᠵᠤ ᠵᠢᠷᠭᠠᠳᠠᠭ ᠰᠠᠨ
ᠡᠵᠢ ᠲᠡᠢ ᠪᠡᠨ ᠪᠠᠢᠬᠤ ᠳ᠋ᠤ᠌
ᠨᠠᠷᠠ ᠰᠠᠯᠬᠢ ᠪᠠᠷ ᠳᠠᠭᠠᠵᠢᠩᠨᠠᠳᠠᠭ ᠪᠠᠢᠵᠠᠢ᠃
᠅᠅᠅
ᠨᠠᠢ᠍ᠮᠠᠨ ᠰᠠᠷ᠎ᠠ ᠶ᠋ᠢᠨ ᠪᠣᠷᠣᠭᠠᠨ ᠳ᠋ᠤ᠌
ᠨᠠᠪᠴᠢ ᠤᠢᠳᠤᠨᠠ ᠤᠢᠳᠬᠤ ᠳ᠋ᠠᠭᠠᠨ
ᠤᠳᠠ ᠶ᠋ᠢᠨ ᠮᠥᠴᠢᠷ ᠢ᠋ᠶ᠋ᠡᠨ ᠳᠠᠷᠤᠨ᠎ᠠ
ᠳᠠᠷᠤᠯ᠎ᠠ ᠳᠠᠷᠤᠯ᠎ᠠ ᠭᠡᠳ ᠭᠤᠳᠤᠢᠬᠤ ᠨᠢ ᠴᠦ᠍ ᠶᠠᠭᠤ ᠪᠣᠢ ᠳᠠ
ᠳᠠᠷᠠᠭ᠎ᠠ ᠬᠠᠪᠤᠷ ᠢ᠋ ᠦᠵᠡᠬᠦ ᠦᠭᠡᠢ ᠳ᠋ᠡᠭᠡᠨ ᠯᠡ ᠭᠤᠨᠳᠠᠨᠠ
᠁ ᠶᠠᠭᠠᠬᠢᠬᠤ ᠠᠷᠭ᠎ᠠ ᠦᠭᠡᠢ ᠥᠲᠡᠯᠵᠦ ᠪᠠᠢᠨ᠎ᠠ ᠳᠠ ᠭᠡᠳᠡᠭ ᠢ᠋ᠶ᠋ᠡᠨ
ᠨᠠᠮᠤᠷ ᠯᠠ ᠶᠡᠬᠡ ᠮᠡᠳᠡᠷᠡᠳᠡᠭ ᠪᠣᠯᠤᠯᠲᠠᠢ᠃
᠅᠅᠅
ᠰᠠᠷ᠎ᠠ ᠲᠠᠢ ᠰᠥᠨᠢ ᠴᠢᠮ᠎ᠠ ᠲᠠᠢ ᠪᠠᠨ
ᠴᠢᠩᠭᠡᠯᠢᠭ ᠳᠡᠭᠡᠷ᠎ᠡ ᠤᠨᠲᠠᠬᠤ ᠰᠠᠨ
ᠤᠨᠲᠠᠴᠢᠬᠠᠭᠰᠠᠨ ᠶᠤᠮ ᠰᠢᠭ᠋
ᠴᠢᠮᠡᠭᠡ ᠦᠭᠡᠢᠬᠡᠨ ᠳᠤᠭᠵᠢᠷᠠᠬᠤ ᠰᠠᠨ
ᠳᠤᠭᠵᠢᠷᠠᠬᠤ ᠠᠮᠢᠰᠬᠤᠭ᠎ᠠ ᠶ᠋ᠢ ᠴᠢᠨᠢ ᠠᠷᠭᠠᠳᠠᠨ ᠠᠮᠢᠰᠬᠤᠯᠯᠠᠭᠰᠠᠨ ᠢ᠋ᠶ᠋ᠠᠨ
ᠳᠠᠭᠤ ᠦᠭᠡᠢᠬᠡᠨ ᠡᠷᠭᠢᠭᠡᠳ ᠬᠠᠷᠠᠭᠠᠳ ᠭᠡᠵᠢᠭᠡ ᠶ᠋ᠢ ᠴᠢᠨᠢ ᠵᠠᠳᠠᠯᠬᠤ ᠰᠠᠨ
᠁ ᠪᠢ ᠥᠪᠡᠷ ᠡᠴᠡ ᠪᠡᠨ ᠣᠭᠲᠣ ᠢᠴᠢᠳᠡᠭ ᠦᠭᠡᠢ᠂
ᠬᠠᠷᠢᠨ ᠮᠥᠷᠥᠭᠡᠳᠦᠯ ᠡᠴᠡ ᠪᠡᠨ ᠯᠡ ᠢᠴᠢᠳᠡᠭ᠃
᠅᠅᠅
ᠣᠷᠣᠢ ᠤᠷᠤᠭᠰᠠ ᠪᠣᠷᠣᠭᠠᠨ ᠳ᠋ᠤ᠌ ᠲᠤᠭᠤᠷᠭ᠎ᠠ ᠬᠦᠨᠳᠦᠷᠡᠨ᠎ᠡ
ᠬᠦᠨᠳᠦᠷᠡᠭᠰᠡᠨ ᠲᠤᠭᠤᠷᠭᠠᠨ ᠤ᠋ ᠳᠤᠰᠤᠯ ᠰᠢᠯᠪᠢᠭᠦᠷ ᠦ᠋ᠨ ᠬᠤᠢᠪᠢ ᠨᠣᠷᠭᠠᠨ᠎ᠠ
ᠨᠣᠷᠤᠭᠰᠠᠨ ᠬᠤᠢᠪᠢ ᠲᠠᠢ ᠰᠢᠯᠪᠢᠭᠦᠷ ᠢ᠋ᠶ᠋ᠡᠷ ᠢ᠋ᠶ᠋ᠡᠨ ᠢᠰᠢᠭᠡ ᠰᠢᠪᠬᠠᠭᠤᠷᠳᠠᠬᠤᠢ
ᠨᠢᠷᠤᠭᠤᠨ ᠳ᠋ᠤ᠌ ᠮᠢᠨᠢ ᠭᠤᠷᠪᠢ ᠰᠠᠭᠤᠬᠤ ᠮᠡᠲᠦ ᠬᠣᠳᠤᠰᠬᠢᠨᠡ
᠁ ᠵᠠᠯᠬᠠᠭᠤᠷᠠᠬᠤ ᠳ᠋ᠠᠭᠠᠨ ᠰᠠᠯᠬᠢᠳᠠᠭᠰᠠᠨ ᠮᠠᠯ ᠤ᠋ᠨ ᠦᠵᠦᠭᠦᠷ ᠢ᠋
ᠴᠢᠯᠠᠭᠤ ᠪᠠᠷ ᠡᠷᠭᠢᠭᠦᠯᠵᠦ᠂
ᠪᠢᠲᠡᠭᠦᠦ ᠬᠥᠬᠡ ᠴᠢᠯᠠᠭᠤ ᠤᠬᠤᠨ᠎ᠠ ᠶ᠋ᠢᠨ ᠡᠪᠡᠷ ᠲᠦ᠍ ᠲᠠᠷ ᠬᠢᠬᠦ ᠳ᠋ᠦ᠍
ᠦᠬᠦᠲᠡᠯ᠎ᠡ ᠪᠡᠨ ᠢᠨᠢᠶᠡᠳᠡᠭ ᠰᠠᠨ᠂ ᠲᠡᠨᠡᠭ ᠴᠦ᠍ ᠪᠠᠢᠵᠠᠢ ᠳᠠ᠃
᠅᠅᠅
ᠥᠷᠯᠥᠭᠡᠨ ᠦ᠌ ᠰᠤᠷᠠᠭ ᠢ᠋ᠶ᠋ᠠᠷ ᠵᠡᠭᠦᠳᠦ ᠴᠣᠭᠤᠯᠤᠭᠳᠠᠪᠠ
ᠴᠤᠭᠤᠯᠤᠭᠰᠠᠨ ᠵᠡᠭᠦᠳᠦ ᠪᠡᠨ ᠴᠤᠭᠯᠠᠭᠤᠯᠵᠤ ᠠᠳᠬᠤᠬᠤᠢ
ᠠᠳᠬᠤᠭᠰᠠᠨ ᠬᠠᠯᠠᠭᠤᠨ ᠪᠣᠳᠣᠯ ᠤ᠋ᠨ ᠴᠠᠷᠪᠠᠭᠤ ᠪᠠᠷ
ᠠᠯᠢ ᠬᠡᠳᠦᠢᠨ ᠥᠪᠡᠷ ᠢ᠋ᠶ᠋ᠡᠨ ᠰᠠᠪᠢᠷᠠᠵᠠᠢ
᠁ ᠬᠡᠢ ᠬᠣᠭᠣᠰᠣᠨ᠂ ᠪᠣᠳᠢ ᠴᠢᠨᠠᠷ ᠪᠣᠯᠬᠤ ᠡᠳᠦᠷ ᠭᠠᠷᠤᠨ᠎ᠠ ᠰᠢᠦ᠃
᠅᠅᠅
ᠥᠪᠡᠷ ᠢ᠋ᠶ᠋ᠡᠨ ᠥᠪᠡᠷ ᠲᠡᠢ ᠪᠡᠨ ᠬᠤᠨᠳᠠᠭ᠎ᠠ ᠲᠤᠯᠭᠠᠪᠠ
ᠲᠤᠯᠭᠠᠬᠤ ᠶ᠋ᠢᠨ ᠦᠶ᠎ᠡ ᠳ᠋ᠡᠭᠡᠨ ᠢᠷᠦᠭᠡᠯ ᠡᠷᠢᠪᠡ
ᠡᠷᠢᠵᠦ ᠣᠯᠤᠭᠰᠠᠨ ᠢᠷᠦᠭᠡᠯ ᠮᠢᠨᠢ
《ᠡᠭᠦᠨ ᠡᠴᠡ ᠬᠣᠢᠰᠢ ᠤᠤᠭᠤᠬᠤ ᠦᠭᠡᠢ ᠰᠢᠦ》
᠁ ᠬᠥᠮᠦᠨ ᠥᠪᠡᠷ ᠢ᠋ᠶ᠋ᠡᠨ ᠥᠪᠡᠷ ᠲᠡᠭᠡᠨ ᠪᠣᠯ
ᠶᠡᠬᠡ ᠭᠡᠮᠰᠢᠩᠭᠦᠢ ᠠᠮᠢᠲᠠᠨ ᠰᠢᠦ᠃
᠅᠅᠅
ᠥᠪᠡᠷ ᠢ᠋ ᠪᠡᠨ ᠯᠡ ᠥᠮᠥᠭᠡᠷᠡᠵᠦ ᠤᠬᠢᠯᠠᠪᠠ ᠤᠤ ᠳᠠ᠂
ᠪᠢ ᠤᠬᠢᠯᠠᠯ᠎ᠠ ᠭᠡᠳ ᠲᠠᠢᠳᠬᠤᠷᠠᠬᠤ ᠮᠢᠨᠢ ᠳᠠᠩᠴᠤ ᠬᠣᠯᠠ
ᠬᠣᠯᠠ ᠶ᠋ᠢᠨ ᠬᠣᠯᠠ ᠴᠦ᠍ ᠶᠠᠭᠤ ᠪᠠᠢᠬᠤ ᠪᠣᠢ ᠳᠠ
ᠬᠣᠶᠠᠷᠬᠠᠨ ᠦᠭᠡ ᠯᠡ ᠬᠦᠯᠢᠶᠡᠵᠦ ᠪᠠᠢᠬᠤ ᠦᠭᠡᠢ ᠤᠤ
᠁ ᠶᠡᠬᠡ ᠬᠠᠢᠷᠠᠲᠠᠢ ᠬᠥᠮᠦᠨ ᠢ᠋ᠶ᠋ᠡᠷ ᠢ᠋ᠶ᠋ᠡᠨ ᠠᠷᠭᠠᠳᠠᠭᠤᠯᠬᠤ ᠭᠡᠬᠦ ᠳ᠋ᠡᠭᠡᠨ
ᠦᠬᠦᠯ ᠢ᠋ ᠬᠦᠷᠲᠡᠯ᠎ᠡ ᠵᠣᠬᠢᠶᠠᠵᠤ ᠳᠦᠪᠴᠢᠬᠢᠨᠡᠯᠡ᠃
ᠦᠨᠡᠬᠡᠷ ᠠᠷᠭᠠᠳᠠᠬᠤ ᠦᠭᠡᠢ ᠪᠣᠯ ᠶᠠᠭᠠᠬᠢᠬᠤ ᠪᠠᠢᠭᠰᠠᠨ ᠪᠣᠯ ᠠ᠋᠃
᠅᠅᠅
ᠦᠢᠯᠡ ᠶ᠋ᠢᠨ ᠦᠷ᠎ᠡ ᠥᠪᠡᠷ ᠲᠡᠭᠡᠨ ᠢᠴᠢᠨ᠎ᠡ
ᠢᠴᠢᠭᠰᠡᠨ ᠨᠢᠭᠤᠷ ᠢ᠋ᠶ᠋ᠠᠨ ᠦᠨᠡᠨ ᠢ᠋ᠶ᠋ᠡᠷ ᠳᠠᠯᠳᠠᠯᠠᠨ᠎ᠠ
ᠳᠠᠯᠳᠠᠯᠠᠭᠰᠠᠨ ᠦᠨᠡᠨ ᠦ᠌ ᠴᠠᠭᠠᠨ᠎ᠠ ᠠ᠋ᠴᠠ ᠴᠦ᠍
ᠳᠠᠬᠢᠭᠠᠳ ᠯᠠ ᠥᠪᠡᠷ ᠢ᠋ᠶ᠋ᠡᠨ ᠭᠡᠷᠡᠯᠲᠦᠨ᠎ᠡ
᠁ ᠡᠬᠡᠨᠡᠷ ᠲᠡᠢ ᠪᠡᠨ ᠤᠰᠤᠨ ᠳ᠋ᠤ᠌ ᠣᠷᠣᠵᠤ ᠪᠠᠢᠬᠤ ᠳ᠋ᠠᠭᠠᠨ
ᠥᠭᠡᠷ᠎ᠡ ᠪᠦᠰᠡᠭᠦᠢ ᠪᠣᠳᠣᠪᠠ ᠳᠠ᠃
᠅᠅᠅
ᠦᠢ ᠣᠯᠠᠨ ᠰᠢᠪᠠᠭᠤᠳ ᠱᠤᠯᠤᠭᠠᠨᠠᠯᠳᠤᠨᠠ
ᠱᠤᠯᠤᠭᠠᠨᠠᠬᠤ ᠨᠢ ᠲᠩᠷᠢ ᠶ᠋ᠢᠨ ᠬᠡᠯᠡᠨ ᠦ᠌ ᠱᠠᠭᠰᠢᠷᠠᠭᠠ
ᠱᠠᠭᠰᠢᠷᠠᠬᠤ ᠴᠢᠮᠡᠭᠡᠨ ᠳ᠋ᠦ᠍ᠨᠢ ᠨᠠᠭᠤᠷ ᠴᠢᠯᠡᠵᠦ
ᠱᠠᠯᠳᠠᠩ ᠬᠡᠦᠬᠡᠨ ᠮᠠᠨᠳᠠᠯ ᠳ᠋ᠤᠨᠢ ᠤᠮᠪᠠᠬᠤ ᠶ᠋ᠢ ᠬᠦᠯᠢᠶᠡᠨ᠎ᠡ
᠁ ᠵᠢᠷᠭᠠᠯ ᠢ᠋ᠶ᠋ᠠᠨ ᠠᠷᠠᠢ ᠴᠢᠨᠠᠳᠤ ᠠ᠋ᠴᠠ ᠡᠷᠢᠮᠡᠷ᠃
᠅᠅᠅
ᠦᠦᠷ ᠴᠦᠤᠷ ᠢ᠋ᠶ᠋ᠠᠷ ᠥᠬᠢᠨ ᠮᠢᠨᠢ ᠢᠷᠠᠭᠯᠯᠠ
ᠢᠷᠠᠭᠯᠠᠬᠤ ᠨᠢ ᠴᠦ᠍ ᠶᠠᠭᠤ ᠪᠠᠢᠬᠤ ᠪᠣᠢ᠂ ᠬᠠᠷ᠎ᠠ ᠳᠠᠷᠤᠯ᠎ᠠ
ᠬᠠᠷ᠎ᠠ ᠳᠠᠷᠤᠬᠤ ᠳ᠋ᠤᠨᠢ ᠬᠠᠵᠠᠭᠠᠷ ᠤ᠋ᠨ ᠠᠮᠠᠭᠠᠢ ᠦᠨᠦᠷᠯᠡᠭᠦᠯᠦᠯᠡ
ᠬᠠᠮᠢᠭ᠎ᠠ ᠶᠠᠪᠤᠭ᠎ᠠ ᠶᠤᠮ ᠪᠣᠯ᠂ ᠮᠢᠨᠦ ᠠᠪᠤ ᠶ᠋ᠢᠨ ᠠᠳᠤᠭᠤ
᠁ ᠠᠪᠤ ᠶ᠋ᠢᠨ ᠢ᠋ᠶ᠋ᠡᠨ ᠪᠦᠰᠡ ᠶ᠋ᠢ ᠳᠡᠷᠡᠯᠡᠵᠦ᠂
ᠡᠵᠢ ᠶ᠋ᠢᠨ ᠢ᠋ᠶ᠋ᠡᠨ ᠡᠪᠦᠷ ᠲᠦ᠍ ᠡᠷᠬᠡᠯᠡᠬᠦ ᠳ᠋ᠡᠭᠡᠨ
ᠪᠢ ᠮᠠᠩᠭᠤᠰ ᠢ᠋ ᠬᠦᠯᠢᠶᠡᠳᠡᠭ ᠰᠠᠨ᠃
᠅᠅᠅
ᠲᠡᠪᠴᠢᠵᠦ ᠴᠢᠳᠠᠭ᠎ᠠ ᠦᠭᠡᠢ ᠳ᠋ᠡᠭᠡᠨ ᠯᠡ ᠪᠢ ᠲᠡᠨᠡᠭ
ᠲᠡᠨᠡᠭᠯᠡᠭᠰᠡᠨ ᠢ᠋ᠶ᠋ᠡᠨ ᠮᠡᠳᠡᠭᠡᠳ ᠥᠪᠡᠷ ᠲᠡᠭᠡᠨ ᠡᠯᠡᠭᠰᠡᠨ
ᠡᠯᠡᠵᠦ ᠶᠠᠪᠤᠭ᠎ᠠ ᠪᠠᠨ ᠮᠡᠳᠡᠳᠡᠭ ᠰᠠᠨ ᠪᠣᠯ
ᠢᠩᠭᠢᠵᠦ ᠳᠣᠲᠣᠷ᠎ᠠ ᠠ᠋ᠴᠠ ᠪᠠᠨ ᠠᠮᠠᠷᠬᠠᠨ
ᠥᠲᠡᠯᠬᠦ ᠴᠦ᠍ ᠪᠠᠢᠭᠰᠠᠨ ᠤᠤ ᠳᠠ᠂ ᠮᠡᠳᠡᠬᠦ ᠦᠭᠡᠢ ᠶᠦᠮ
᠁ ᠥᠪᠡᠷ ᠢ᠋ ᠪᠡᠨ ᠦᠷᠦ ᠡᠪᠡᠳᠦᠭᠡᠳ ᠤᠬᠢᠯᠠᠵᠤ ᠪᠠᠢᠭ᠎ᠠ ᠬᠥᠮᠦᠨ ᠢ᠋
ᠠᠷᠭᠠᠳᠠᠬᠤ ᠦᠭᠡ ᠣᠯᠳᠠᠳᠠᠭ ᠦᠭᠡᠢ ᠶᠦᠮ᠃
᠅᠅᠅
ᠲᠡᠷᠡ ᠭᠦᠦᠷ ᠥᠭᠡᠳᠡ ᠯᠡ ᠨᠠᠮᠠᠶ᠋ᠢ ᠪᠢᠲᠡᠭᠡᠢ ᠬᠦᠷᠭᠡᠭᠡᠷᠡᠢ
ᠬᠦᠷᠭᠡᠵᠦ ᠪᠠᠢᠭ᠎ᠠ ᠴᠢᠨᠢ ᠰᠡᠭᠦᠯᠴᠢ ᠶ᠋ᠢᠨ ᠦᠳᠡᠯᠲᠡ ᠰᠢᠭ
ᠠᠢᠳᠠᠰ ᠢ᠋ ᠰᠤᠪᠢᠩ ᠳᠠᠭᠠᠳᠠᠭ ᠨᠢ ᠦᠨᠡᠨ ᠪᠣᠯ
ᠠᠮᠢᠳᠤᠷᠠᠬᠤ ᠪᠠᠨ ᠦᠬᠦᠬᠦ ᠲᠡᠢ ᠰᠠᠴᠠᠭᠤᠯᠠᠵᠤ ᠪᠣᠳᠣᠬᠤ ᠮᠢᠨᠦ ᠠᠭᠠᠰᠢ ᠶ᠋ᠢ ᠠᠭᠤᠴᠢᠯᠠᠭᠠᠴᠢ ᠳᠠ
᠁ ᠬᠠᠷ᠎ᠠ ᠳᠠᠷᠤᠭᠰᠠᠨ ᠳᠣᠯᠣᠭ᠎ᠠ ᠬᠣᠨᠣᠭ ᠮᠠᠷᠲᠠᠭᠳᠠᠳᠠᠭ ᠦᠭᠡᠢ ᠬᠢᠷᠢᠨ᠎ᠡ
ᠵᠢᠷᠭᠠᠯ ᠲᠠᠢ ᠵᠡᠭᠦᠳᠦ ᠪᠡᠨ ᠰᠥᠨᠢ ᠪᠣᠯᠭᠠᠨ ᠮᠠᠨᠠᠭᠠᠳ ᠴᠦ᠍ ᠢᠷᠡᠬᠦ ᠦᠭᠡᠢ ᠶᠦᠮ ᠳᠡ᠃
᠅᠅᠅
ᠲᠡᠨᠡᠭ ᠶᠦᠮ ᠰᠢᠭ ᠶᠠᠪᠤᠬᠤ ᠰᠠᠢᠬᠠᠨ
ᠰᠠᠢᠬᠠᠨ ᠴᠦ᠍ ᠭᠡᠵᠦ ᠳᠡ᠂ ᠠᠮᠤᠭᠤᠯᠠᠩ
ᠠᠮᠤᠭᠤᠯᠠᠩ ᠰᠠᠨᠠᠭᠠᠨ ᠳ᠋ᠠᠭᠠᠨ ᠬᠠᠭᠤᠷᠲᠠᠵᠤ ᠶᠠᠪᠤᠲᠠᠯ᠎ᠠ
ᠠᠯᠢ ᠬᠡᠳᠦᠢᠨ ᠵᠢᠷᠠᠨ ᠨᠠᠮᠤᠷ ᠥᠩᠭᠡᠷᠡᠴᠢᠬᠡᠵᠡᠢ
᠁ ᠬᠠᠷᠠᠭᠤᠰᠬᠤ ᠳ᠋ᠤ᠌ ᠣᠷᠣᠢᠲᠠᠬᠤ ᠨᠢ
ᠦᠬᠦᠬᠦ ᠡᠴᠡ ᠴᠦ᠍ ᠳᠣᠣᠷ᠎ᠠ ᠶᠤᠮ ᠤᠤ ᠳᠠ᠃
᠅᠅᠅
ᠲᠠᠷᠨᠢ ᠲᠠᠢ ᠰᠠᠯᠬᠢ ᠪᠠᠷ ᠰᠦᠮ᠎ᠡ ᠪᠣᠰᠬᠤᠢ
ᠪᠣᠰᠬᠠᠭᠰᠠᠨ ᠰᠦᠮ᠎ᠡ ᠳ᠋ᠦ᠍ ᠰᠢᠪᠠᠭᠤ ᠲᠣᠩᠭᠣᠯᠵᠠᠨᠠ
ᠲᠣᠩᠭᠣᠯᠵᠠᠨ ᠲᠣᠩᠭᠣᠯᠵᠠᠨ ᠭᠤᠶᠤᠬᠤ ᠪᠤᠶᠠᠨ ᠨᠢ
ᠲᠣᠭᠠᠲᠠᠢ ᠬᠡᠳᠦᠬᠡᠨ ᠪᠤᠳᠠᠭ᠎ᠠ ᠯᠠ ᠳᠠ
᠁ ᠦᠨᠡᠨ ᠳ᠋ᠡᠭᠡᠨ ᠬᠥᠮᠦᠨ ᠶᠡᠬᠡ ᠬᠣᠯᠠ ᠶ᠋ᠢᠨ ᠶᠠᠭᠤᠮ᠎ᠠ ᠶ᠋ᠢ
ᠪᠤᠷᠬᠠᠨ ᠠ᠋ᠴᠠ ᠭᠣᠶᠣᠳᠠᠭ ᠤᠤ᠂ ᠦᠭᠡᠢ ᠴᠦ᠍ ᠤᠤ?
᠅᠅᠅
ᠬᠠᠨᠢ ᠳ᠋ᠠᠭᠠᠨ ᠴᠦ᠍ ᠶᠠᠷᠢᠭ᠎ᠠ ᠦᠭᠡᠢ ᠦᠨᠡᠨ ᠢ᠋ᠶ᠋ᠡᠨ ᠴᠢᠮ᠎ᠠ ᠳ᠋ᠤ᠌ ᠬᠡᠯᠡᠭᠰᠡᠨ
ᠬᠡᠯᠡᠭᠰᠡᠨ ᠦᠨᠡᠨ ᠢ᠋ᠶ᠋ᠡᠷ ᠮᠢᠨᠢ ᠴᠢ ᠨᠠᠮᠠᠶ᠋ᠢ ᠴᠢᠳᠥᠷᠯᠡᠭᠰᠡᠨ
ᠴᠢᠳᠥᠷ ᠲᠡᠢ ᠰᠠᠳᠠᠭ᠎ᠠ ᠳ᠋ᠤ᠌ ᠴᠢᠨᠢ ᠰᠡᠳᠬᠢᠯ ᠳᠣᠭᠣᠨᠴᠠᠬᠤ ᠳ᠋ᠠᠭᠠᠨ
ᠴᠢᠳᠬᠥᠷ ᠲᠦ᠍ ᠢᠲᠡᠭᠡᠭᠰᠡᠨ ᠥᠪᠡᠷ ᠢ᠋ ᠪᠡᠨ ᠵᠢᠮᠡᠯᠡᠭᠰᠡᠨ
᠁ ᠬᠠᠨᠢ ᠪᠠᠨ ᠮᠠᠭᠤᠯᠠᠵᠤ ᠬᠡᠦᠬᠡᠨ ᠲᠡᠢ ᠲᠠᠨᠢᠯᠴᠠᠬᠤ ᠰᠢᠭ᠋
ᠰᠢᠪᠰᠢᠭ ᠪᠠᠢᠬᠤ ᠦᠭᠡᠢ᠃
᠅᠅᠅
《᠁ ᠬᠥᠯᠴᠥᠭᠦᠦ ᠪᠠᠶᠠᠨ ᠤ᠋ ᠭᠡᠭᠡᠭᠰᠡᠨ ᠲᠦᠷᠡᠢᠪᠴᠢ ᠣᠯᠬᠤ ᠰᠠᠨ
ᠣᠯᠤᠭᠰᠠᠨ ᠲᠦᠷᠡᠢᠪᠴᠢᠨ ᠳ᠋ᠦ᠍ᠨᠢ ᠮᠥᠩᠭᠥ ᠯᠡ ᠪᠠᠢᠭᠠᠰᠠᠢ
ᠪᠠᠢᠭ᠎ᠠ ᠮᠥᠩᠭᠥ ᠪᠡᠷ ᠨᠢ ᠦᠷ᠎ᠡ ᠶ᠋ᠢᠨ ᠢ᠋ᠶ᠋ᠡᠨ ᠠᠮᠠ ᠶ᠋ᠢ ᠵᠠᠢᠯᠵᠤ
ᠪᠠᠷᠢᠭᠳᠠᠭᠠᠳ ᠶᠠᠪᠤᠬᠤ ᠳ᠋ᠠᠭᠠᠨ
ᠰᠠᠨᠠᠭ᠎ᠠ ᠴᠠᠩᠭᠠᠬᠤ ᠦᠭᠡᠢ ᠠᠯᠬᠤᠬᠤ ᠰᠠᠨ》 ᠭᠡᠵᠦ ᠶᠠᠳᠠᠷᠠᠬᠤ ᠶᠤᠮ ᠳᠠ
᠁ ᠨᠠᠮᠠᠶ᠋ᠢ ᠠᠷᠪᠠᠳᠤᠭᠠᠷ ᠠᠩᠭᠢ ᠳ᠋ᠤ᠌ ᠣᠷᠣᠬᠤ ᠵᠢᠯ
ᠠᠪᠤ ᠮᠢᠨᠢ ᠮᠠᠨᠠᠭ᠎ᠠ ᠪᠠᠨ ᠳᠤᠯᠠᠭ᠎ᠠ ᠪᠣᠯᠭᠠᠵᠤ ᠪᠢᠯᠡ᠂
ᠶᠡᠬᠡ ᠯᠡ ᠶᠠᠳᠠᠷᠠᠭᠰᠠᠨ ᠪᠠᠢᠬ᠎ᠠ ᠳᠠ᠃
᠅᠅᠅
ᠬᠥᠥᠭ ᠬᠥᠥᠭ ᠠᠴᠢᠶ᠎ᠠ ᠪᠠᠨ ᠬᠥᠳᠡᠯᠭᠡ
ᠬᠥᠳᠡᠯᠦᠭᠰᠡᠨ ᠬᠥᠰᠬᠡ ᠪᠡᠨ ᠵᠤᠭᠤᠤᠬᠠᠨ ᠠᠯᠬᠤᠭᠤᠯ
ᠠᠯᠬᠤᠭᠠᠨ ᠳᠤᠮᠳᠠ ᠴᠢᠨᠢ ᠨᠡᠭᠦᠳᠡᠯ ᠢᠪᠢᠯᠵᠦ
ᠠᠴᠢᠶᠠᠨ ᠳᠡᠭᠡᠷᠡᠬᠢ ᠲᠣᠭᠣᠨᠣ ᠲᠣᠷᠣᠯᠵᠠᠳᠠᠭ ᠶᠤᠮ ᠠ᠋
᠁ ᠠᠪᠤ ᠠ᠋ᠴᠠ ᠪᠠᠨ ᠠᠳᠬᠤ ᠠᠳᠬᠤ ᠠᠭᠠᠷᠤᠤᠯ ᠢ᠋ᠶ᠋ᠠᠷ ᠱᠠᠩᠨᠠᠭᠤᠯᠤᠨ ᠪᠠᠢᠵᠤ ᠰᠠᠶᠢ ᠯᠠ
ᠨᠢᠭᠡ ᠬᠥᠰᠬᠡ ᠬᠥᠲᠥᠯᠵᠦ ᠪᠢᠯᠡ᠂ ᠰᠠᠢᠬᠠᠨ ᠰᠢᠦ᠃
᠅᠅᠅
ᠬᠤᠤᠱᠤᠤᠷ ᠤ᠋ᠨ ᠴᠠᠭᠠᠰᠤ ᠬᠡᠢᠰᠦᠨ ᠨᠠᠭᠠᠳᠤᠮ ᠲᠠᠷᠠᠨᠠ
ᠨᠠᠭᠠᠳᠤᠮ ᠲᠠᠷᠬᠠᠤ ᠳ᠋ᠤ᠌ ᠠᠰᠠᠷ ᠭᠤᠨᠳᠠᠨᠠ
ᠭᠤᠨᠳᠠᠭᠰᠠᠨ ᠠᠰᠠᠷ ᠢ᠋ᠶ᠋ᠠᠨ ᠪᠠᠭᠤᠯᠭᠠᠭᠰᠠᠨ ᠰᠤᠮᠤ ᠶ᠋ᠢᠨ ᠵᠠᠬᠢᠷᠭᠠᠨ ᠤ᠋ ᠬᠢᠨ
ᠭᠤᠷᠪᠠᠬᠠᠨ ᠬᠣᠨᠣᠭᠠᠳ ᠯᠠ ᠥᠨᠳᠥᠷ ᠤᠷᠭᠤᠭᠰᠠᠨ ᠡᠪᠡᠰᠦᠨ ᠳ᠋ᠦ᠍ ᠠᠭᠤᠷ ᠢ᠋ᠶ᠋ᠠᠨ ᠭᠠᠷᠭᠠᠨ᠎ᠠ ᠳᠠ᠃
᠁ ᠰᠠᠢᠬᠠᠨ ᠳᠠᠭᠤᠤ ᠶ᠋ᠢᠨ ᠳᠡᠷᠭᠡᠳᠡ ᠤᠳᠠᠭᠠᠨ ᠰᠠᠭᠤᠭᠰᠠᠨ ᠠ᠋ᠴᠠ
ᠬᠣᠯᠠᠬᠠᠨ ᠣᠴᠢᠭᠠᠳ ᠠᠶᠠᠯᠬᠤ ᠨᠢ ᠵᠢᠷᠭᠠᠯ ᠳᠠ᠃
᠅᠅᠅
ᠬᠠᠷ᠎ᠠ ᠴᠢᠭᠢᠭ ᠲᠦ᠍ ᠮᠥᠩᠭᠥᠨ ᠪᠠᠭᠠᠪᠤᠷ ᠬᠠᠷᠠᠯᠠᠨ᠎ᠠ
ᠬᠠᠷᠠᠯᠠᠭᠰᠠᠨ ᠬᠠᠵᠠᠭᠠᠷ ᠨᠣᠷᠤᠭᠰᠠᠨ ᠴᠢᠳᠥᠷ ᠲᠡᠢ ᠢᠵᠢᠯᠢᠬᠡᠨ
ᠢᠵᠢᠯᠢᠬᠡᠨ ᠬᠠᠷ᠎ᠠ ᠬᠠᠷ᠎ᠠ ᠶ᠋ᠢᠨ ᠳᠤᠮᠳᠠ ᠠ᠋ᠴᠠ
ᠶᠡᠬᠡ ᠴᠠᠭᠠᠨ ᠭᠡᠭᠡ ᠶ᠋ᠢ ᠮᠣᠷᠢᠨ ᠤ᠋ ᠳᠡᠯ ᠦ᠋ᠨ ᠳᠡᠭᠡᠭᠦᠷ ᠢ᠋ᠶ᠋ᠡᠨ ᠡᠷᠢᠨ᠎ᠡ
᠁ ᠪᠢ ᠭᠠᠭᠴᠠᠭᠠᠷᠳᠠᠬᠤ ᠳ᠋ᠠᠭᠠᠨ ᠴᠢᠳᠬᠥᠷ ᠢ᠋ ᠴᠦ᠍ ᠬᠠᠨᠢ ᠲᠠᠲᠠᠨ᠎ᠠ᠃
᠅᠅᠅
ᠬᠡᠵᠢᠶ᠎ᠡ ᠨᠢᠭᠡᠨ ᠴᠠᠭ ᠲᠤ ᠪᠢ ᠨᠥᠭᠴᠢᠨᠡ
ᠨᠥᠭᠴᠢᠬᠦ ᠳ᠋ᠡᠭᠡᠨ ᠢᠵᠢᠢ ᠳ᠋ᠡᠭᠡᠨ ᠯᠡ ᠣᠴᠢᠨ᠎ᠠ
ᠣᠴᠢᠬᠤ ᠭᠡᠵᠦ ᠵᠦᠳᠡᠷᠡᠭᠰᠡᠭᠡᠷ ᠶᠠᠪᠤᠲᠠᠯ᠎ᠠ
ᠥᠬᠢᠳ ᠲᠦ᠍ ᠮᠢᠨᠢ ᠪᠤᠴᠠᠭᠠᠳ ᠢᠷᠡᠴᠢᠬᠡᠨ᠎ᠡ ᠳᠡ
᠁ ᠬᠣᠢᠲᠤ ᠲᠥᠷᠥᠯ ᠳ᠋ᠦ᠍ ᠢᠲᠡᠭᠡᠬᠦ ᠨᠢ
ᠬᠣᠷᠸ᠎ᠠ ᠠ᠋ᠴᠠ ᠵᠣᠪᠠᠯᠠᠩ ᠬᠤᠭᠤᠰᠯᠠᠬᠤ ᠮᠡᠲᠦ᠃
᠅᠅᠅
ᠬᠡᠷᠡᠮᠦ ᠦᠷᠭᠦᠬᠦ ᠳ᠋ᠦ᠍ ᠰᠠᠮᠤᠷ
ᠰᠠᠮᠤᠷ ᠤᠨᠠᠬᠤ ᠳ᠋ᠤ᠌ ᠨᠠᠮᠤᠷ
ᠨᠠᠮᠤᠷ ᠪᠣᠯᠬᠤ ᠳ᠋ᠤ᠌ ᠵᠢᠪᠠᠷ
ᠵᠢᠪᠠᠷ ᠵᠦᠬᠡᠬᠦ ᠳ᠋ᠦ᠍ ᠡᠪᠦᠯ
᠁ ᠨᠠᠮᠤᠷ ᠤ᠋ᠨ ᠰᠡᠭᠦᠯ ᠰᠠᠷ᠎ᠠ ᠠ᠋ᠴᠠ ᠯᠠ
ᠬᠣᠯᠠ ᠶ᠋ᠢᠨ ᠴᠢᠮ᠎ᠠ ᠠ᠋ᠴᠠ ᠪᠠᠨ ᠰᠤᠷᠠᠭ ᠢᠯᠡᠭᠦᠦ ᠬᠦᠯᠢᠶᠡᠳᠡᠭ ᠰᠠᠨ᠃
᠅᠅᠅
ᠤᠢᠳᠬᠤ ᠶ᠋ᠢᠨ ᠵᠠᠪᠳᠤᠯ ᠭᠠᠷᠭᠠᠵᠤ ᠥᠭᠭᠦᠭᠡᠴᠢ ᠳᠡ
ᠥᠭᠬᠦ ᠳ᠋ᠡᠭᠡᠨ ᠤᠳᠠᠭᠠᠨ ᠬᠠᠢᠷᠠᠯᠠᠭᠠᠴᠢ
ᠬᠠᠢᠷᠠᠯᠠᠭᠰᠠᠨ ᠲᠡᠷᠡ ᠬᠤᠭᠤᠴᠠᠭ᠎ᠠ ᠪᠠᠷ ᠴᠢᠨᠢ
ᠬᠠᠮᠤᠭ ᠤ᠋ᠨ ᠴᠢᠩᠭ᠎ᠠ ᠲᠡᠪᠴᠢᠶᠡᠷᠢ ᠵᠠᠩᠭᠢᠳᠤᠶᠠ ᠳᠠ
᠁ ᠤᠢᠳᠬᠤ ᠴᠦ᠍ ᠵᠠᠪ ᠦᠭᠡᠢ ᠴᠥᠭᠴᠥᠭᠡᠨᠡᠨᠡ ᠭᠡᠳᠡᠭ
ᠤᠳᠬ᠎ᠠ ᠦᠭᠡᠢ ᠴᠦ᠍ ᠶᠤᠮ ᠰᠢᠭ᠋᠃
᠅᠅᠅
ᠤᠴᠢᠷ ᠦᠭᠡᠢ ᠶᠡᠬᠡ ᠭᠠᠭᠴᠠᠭᠠᠷ ᠢ᠋ᠶ᠋ᠠᠨ ᠤᠢᠮᠤᠷᠠᠯᠠ
ᠤᠢᠮᠤᠷᠠᠬᠤ ᠳ᠋ᠠᠭᠠᠨ ᠴᠢᠮᠠᠶ᠋ᠢ ᠯᠠ ᠦᠭᠡᠢᠯᠡᠯᠡ
ᠦᠭᠡᠢᠯᠡᠭᠰᠡᠨ ᠰᠠᠨᠠᠭᠠᠨ ᠤ᠋ ᠦᠵᠦᠭᠦᠷ ᠲᠦ᠍ ᠪᠥᠷᠲᠥᠯᠵᠡᠬᠦ ᠴᠢ ᠮᠢᠨᠢ
ᠦᠭᠡᠢ᠂ ᠶᠠᠳᠠᠬᠤ ᠳ᠋ᠠᠭᠠᠨ ᠨᠠᠮᠠᠶ᠋ᠢ ᠮᠠᠭᠤᠯᠠᠬᠤ ᠦᠭᠡᠢ ᠶᠠᠪᠤᠭᠠᠴᠢ ᠳᠠ
᠁ ᠨᠡᠭᠦᠭᠰᠡᠨ ᠠᠢᠯ ᠤ᠋ᠨ ᠪᠠᠭᠤᠷᠢ ᠶ᠋ᠢ ᠪᠢᠲᠡᠭᠡᠢ ᠰᠢᠷᠲᠡᠭᠡᠷᠡᠢ᠃
᠅᠅᠅
ᠲᠡᠭᠦᠨ ᠦ᠌ ᠡᠮᠦᠨ᠎ᠡ ᠡᠴᠡ ᠪᠢ ᠢᠴᠢᠯᠡ
ᠢᠴᠢᠭᠰᠡᠨ ᠨᠢᠭᠤᠷ ᠲᠠᠭᠠᠨ ᠭᠠᠷᠤᠯ᠎ᠠ
ᠭᠠᠷᠤᠭᠠᠳ ᠭᠠᠷᠤᠭᠠᠳ ᠬᠠᠮᠢᠭ᠎ᠠ ᠣᠴᠢᠬᠤ ᠴᠦ᠍ ᠪᠢᠯᠡ
ᠭᠠᠭᠴᠠᠭᠠᠷ ᠢ᠋ᠶ᠋ᠠᠨ ᠶᠠᠮᠠᠷ ᠢᠨᠢᠶᠡᠯᠲᠡᠢ ᠴᠦ᠍ ᠪᠢᠰᠢ
᠁ ᠡᠷᠭᠢᠨ ᠲᠣᠭᠣᠷᠢᠨ ᠲᠠᠩᠳᠠ ᠦᠨᠡᠨ ᠭᠡᠪᠡᠯ
ᠲᠡᠭᠦᠨ ᠰᠢᠭ ᠬᠤᠳᠠᠯ ᠶᠠᠭᠤᠮ᠎ᠠ ᠪᠠᠢᠬᠤ ᠦᠭᠡᠢ ᠯᠡ ᠳᠡ᠃
᠅᠅᠅
ᠲᠡᠨᠦᠭᠦᠯ ᠦᠨᠦᠷ ᠰᠠᠮᠰᠠ ᠥᠳᠥᠭᠡᠨ᠎ᠡ
ᠥᠳᠥᠭᠡᠭᠰᠡᠨ ᠠᠳᠠ ᠨᠢ ᠳᠤᠷ᠎ᠠ ᠡᠰᠬᠡᠨ᠎ᠡ
ᠡᠰᠬᠡᠭᠰᠡᠨ ᠲᠠᠴᠢᠶᠠᠯ ᠳ᠋ᠠᠭᠠᠨ ᠰᠣᠭᠲᠣᠬᠤ ᠨᠢ
ᠡᠷ᠎ᠡ ᠬᠥᠮᠦᠨ ᠦ᠌ ᠵᠢᠷᠭᠠᠯ ᠴᠦ᠍ ᠶᠤᠮ ᠤᠤ ᠳᠠ
᠁ ᠳᠡᠮᠡᠢ ᠶᠠᠭᠤᠮ᠎ᠠ ᠭᠡᠵᠦ ᠳᠡᠯᠡᠬᠡᠢ ᠳᠡᠭᠡᠷ᠎ᠡ ᠪᠠᠢᠬᠤ ᠦᠭᠡᠢ ᠳᠡ᠃
᠅᠅᠅
ᠰᠢᠷᠡᠮᠦᠨ ᠲᠣᠭᠣᠭ᠎ᠠ ᠪᠠᠨ ᠬᠠᠪᠤᠷᠵᠢᠶᠠᠨ ᠳ᠋ᠤ᠌ ᠮᠠᠷᠲᠠᠴᠢᠬᠠᠵᠠᠢ
ᠮᠠᠷᠲᠠᠭᠰᠠᠨ ᠪᠢᠰᠢ᠂ ᠪᠡᠷᠢ ᠨᠢ ᠵᠠᠪᠰᠢᠪᠠ
ᠵᠠᠪᠰᠢᠬᠤ ᠵᠠᠪᠰᠢᠬᠤ ᠳ᠋ᠠᠭᠠᠨ ᠪᠦᠷ
ᠵᠤᠨ ᠤ᠋ ᠭᠤᠷᠪᠠᠨ ᠰᠠᠷ᠎ᠠ ᠪᠦᠷᠬᠦᠭᠡᠷ ᠢ᠋ᠶ᠋ᠡᠨ ᠭᠠᠩᠳᠠᠲᠠᠯᠠ《ᠰᠠᠯᠬᠢᠯᠠᠵᠠᠢ》
᠁ ᠪᠣᠯᠵᠤ ᠯᠠ ᠥᠭᠪᠡᠯ ᠣᠢᠷᠠᠬᠠᠨ ᠠ᠋ᠴᠠ
ᠭᠡᠷᠯᠡᠮᠡᠷ ᠦᠭᠡᠢ ᠶᠦᠮ ᠰᠢᠭ ᠰᠠᠨᠠᠭᠳᠠᠳᠠᠭ ᠰᠢᠦ᠃
᠅᠅᠅
ᠡᠷᠭᠢ ᠶ᠋ᠢᠨ ᠴᠣᠬᠢᠶ᠎ᠠ ᠨᠢᠪ ᠨᠢᠴᠦᠭᠦᠨ
ᠨᠢᠴᠦᠭᠦᠨ ᠴᠡᠭᠡᠵᠢ ᠶ᠋ᠢ ᠨᠢ ᠳᠠᠯᠠᠢ ᠢᠯᠢᠨ᠎ᠡ
ᠢᠯᠢᠭᠰᠡᠨ ᠳᠠᠪᠠᠯᠭ᠎ᠠ ᠡᠷᠭᠢᠵᠦ ᠬᠠᠯᠢᠷᠠᠬᠤ ᠳ᠋ᠠᠭᠠᠨ
ᠡᠴᠦᠰ ᠦ᠋ᠨ ᠤᠳᠠᠭ᠎ᠠ ᠦᠨᠦᠰᠦᠭᠰᠡᠨ ᠮᠡᠲᠦ ᠨᠡᠪᠰᠡᠢᠨᠡ
᠁ ᠴᠥᠬᠥᠷᠡᠯᠲᠡ ᠦᠭᠡᠢ ᠶᠠᠪᠤᠭᠰᠠᠨ ᠤ᠋ ᠪᠠᠨ ᠱᠠᠩ ᠳ᠋ᠤ᠌
ᠥᠪᠡᠷ ᠢ᠋ᠶ᠋ᠡᠨ ᠡᠯᠡᠬᠦ ᠡᠳᠦᠷ ᠪᠣᠢ᠃
᠅᠅᠅
ᠡᠰᠬᠡᠭᠰᠡᠨ ᠬᠠᠲᠠᠭᠤ ᠦᠭᠡ ᠪᠡᠨ ᠰᠢᠳᠡ
ᠰᠢᠳᠡᠭᠰᠡᠨ ᠭᠣᠮᠣᠷᠬᠠᠯ ᠢ᠋ ᠴᠢᠨᠢ ᠵᠠᠯᠭᠢᠶᠠ
ᠵᠠᠯᠭᠢᠵᠤ ᠬᠠᠨᠤᠭ᠎ᠠ ᠦᠭᠡᠢ ᠰᠡᠳᠬᠢᠯ ᠦ᠋ᠨ ᠢ᠋ᠶ᠋ᠡᠨ ᠴᠠᠩᠭᠠᠭ᠎ᠠ ᠶ᠋ᠢ
ᠵᠡᠭᠦᠳᠦᠨ ᠳ᠋ᠡᠭᠡᠨ ᠦᠨᠦᠰᠦᠭᠦᠯᠵᠦ ᠲᠠᠢᠯᠬᠤ ᠠ᠋ᠴᠠ
᠁ ᠭᠣᠷᠢᠳᠠᠯᠭ᠎ᠠ ᠶ᠋ᠢᠨ ᠡᠮᠦᠨ᠎ᠡ ᠪᠢ
ᠡᠷ᠎ᠡ ᠬᠥᠮᠦᠨ ᠪᠣᠯᠤᠭᠰᠠᠨ ᠭᠡᠵᠦ ᠪᠣᠳᠣᠳᠠᠭ᠃
ᠨᠢᠭᠤᠭᠠᠳ ᠴᠦ᠍ ᠶᠠᠭᠠᠬᠢᠬᠤ ᠪᠣᠢ᠂ ᠣᠳᠣ ᠴᠦ᠍ ᠭᠡᠰᠡᠨ
ᠰᠠᠢᠬᠠᠨ ᠢᠨᠢᠶᠡᠳᠦᠨ ᠦ᠌ ᠳᠡᠷᠭᠡᠳᠡ᠁
᠅᠅᠅
ᠡᠯᠪᠡᠭ ᠤᠶᠠᠭ᠎ᠠ ᠪᠠᠨ ᠶᠢᠰᠦ ᠲᠣᠭᠣᠷᠢᠯᠠ
ᠲᠣᠭᠣᠷᠢᠭ ᠰᠢᠷᠭᠢᠬᠦ ᠳ᠋ᠦ᠍ ᠮᠣᠷᠢᠳ ᠬᠥᠳᠡᠯᠦᠯ᠎ᠡ
ᠬᠥᠳᠡᠯᠬᠦ ᠳ᠋ᠡᠭᠡᠨ ᠯᠡ ᠬᠥᠯ ᠨᠢ ᠬᠥᠩᠭᠡᠷᠡᠭᠰᠡᠨ ᠬᠦᠯᠦᠭ
ᠬᠥᠭᠰᠢᠳ ᠦ᠋ᠨ ᠡᠮᠦᠨ᠎ᠡ ᠡᠪᠰᠢᠶᠡᠬᠦ ᠳ᠋ᠡᠭᠡᠨ ᠨᠣᠮᠣᠬᠠᠷᠠᠨ᠎ᠠ
᠁ ᠨᠠᠭᠠᠳᠤᠮ ᠤ᠋ᠨ ᠬᠡᠢ ᠮᠣᠷᠢ
ᠤᠶᠠᠭᠠᠨ ᠳᠡᠭᠡᠷ᠎ᠡ ᠪᠡᠨ ᠪᠠᠢᠳᠠᠭ ᠢ᠋ ᠤᠬᠠᠭᠠᠷᠠᠨᠠᠮ᠃
᠅᠅᠅
ᠡᠬᠡ ᠨᠤᠲᠤᠭ ᠤ᠋ᠨ ᠢ᠋ᠶ᠋ᠠᠨ ᠬᠦᠢᠲᠡᠨ ᠪᠣᠷᠣᠭᠠᠨ ᠳ᠋ᠤᠨᠢ ᠴᠦ᠍ ᠳᠤᠯᠠᠭᠠᠴᠠᠨ᠎ᠠ
ᠳᠤᠯᠠᠭᠠᠴᠠᠭᠰᠠᠨ ᠪᠡᠶ᠎ᠡ ᠡᠴᠡ ᠮᠢᠨᠢ ᠬᠡᠢ ᠮᠣᠷᠢ ᠰᠠᠪᠰᠠᠨ᠎ᠠ
ᠰᠠᠪᠰᠠᠭᠰᠠᠨ ᠣᠮᠣᠭ ᠤ᠋ᠨ ᠮᠢᠨᠢ ᠨᠢᠴᠦᠭᠦᠨ ᠮᠠᠨᠠᠨ ᠳ᠋ᠤ᠌ ᠰᠠᠶᠢ
ᠲᠡᠨᠵᠢᠭᠰᠡᠨ ᠤᠨᠠᠭ᠎ᠠ ᠮᠣᠩᠭᠣᠯ ᠢ᠋ᠶ᠋ᠠᠨ ᠡᠷᠢᠨ᠎ᠡ
᠁ ᠮᠣᠩᠭᠣᠯ ᠢ᠋ᠶ᠋ᠠᠷ ᠢ᠋ᠶ᠋ᠠᠨ ᠡᠷᠡᠮᠰᠢᠬᠦ ᠳ᠋ᠦ᠍
ᠮᠢᠨᠦ ᠪᠣᠳᠣᠷᠣᠯ ᠦᠷᠭᠦᠯᠵᠢᠯᠡᠨ᠎ᠡ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ