ᠱᠠᠮᠪᠠᠯᠠ ᠶ᠋ᠢᠨ ᠢᠷᠥᠭᠡᠯ ᠦ᠋ᠨ ᠰᠤᠳᠤᠷ ᠣᠷᠣᠰᠢᠪᠠШамбалын ерөөлийн судар оршив
ᠱᠠᠮᠪᠠᠯᠠ ᠶ᠋ᠢᠨ ᠢᠷᠦᠭᠡᠯ ᠦ᠋ᠨ ᠰᠤᠳᠤᠷ ᠣᠷᠣᠰᠢᠪᠠ
ᠣᠮ ᠠ ᠬᠣᠩ ᠅
ᠲᠡᠭᠦᠰ ᠴᠣᠭᠲᠤ ᠴᠠᠭ ᠤ᠋ᠨ ᠬᠦᠷᠳᠦ ᠶ᠋ᠢᠨ ᠥᠨᠢ ᠶᠣᠰᠣᠨ ᠶᠡᠬᠡ ᠶ᠋ᠢ᠃
ᠤᠮᠠᠷᠠᠲᠤ ᠶᠡᠬᠡ ᠪᠠᠯᠠᠭᠤᠨ ᠱᠠᠮᠪᠠᠯᠠ ᠳ᠋ᠤᠷ ᠳᠡᠯᠭᠡᠭᠴᠢ᠃
ᠭᠡᠲᠦᠯᠭᠡᠭᠴᠢ ᠯᠠᠮᠠ ᠲᠠᠨ ᠳ᠋ᠤᠷ ᠵᠠᠯᠪᠠᠷᠢᠭᠰᠠᠨ ᠲᠡᠭᠦᠨ ᠪᠡᠷ᠃
ᠮᠢᠨᠦ ᠡᠨᠡ ᠦᠨᠡᠨ ᠦᠭᠡᠰ ᠪᠦᠲᠦᠬᠦᠢ ᠶ᠋ᠢ ᠵᠣᠬᠢᠶᠠ ᠅
ᠪᠣᠳᠢᠰᠠᠳ᠋ᠸ᠎ᠠ ᠴᠠᠭ ᠤ᠋ᠨ ᠬᠦᠷᠳᠦᠨ ᠲᠡᠷᠢᠭᠦᠲᠡᠨ ᠰᠢᠲᠦᠭᠴᠢ᠃
ᠳᠡᠭᠡᠳᠦᠰ ᠦ᠋ᠨ ᠪᠣᠭᠳᠠ ᠨᠣᠮ ᠤ᠋ᠳ ᠳᠡᠯᠭᠡᠷᠡᠭᠰᠡᠨ ᠳᠡᠯᠡᠬᠡᠢ᠃
ᠤᠮᠠᠷᠠᠲᠤ ᠵᠦᠭ ᠦ᠋ᠨ ᠶᠡᠬᠡ ᠪᠠᠯᠠᠭᠤᠨ ᠪᠥᠭᠡᠳ ᠭᠠᠯᠠᠪᠠ᠃
ᠬᠤᠷᠮᠤᠰᠲᠠ ᠶ᠋ᠢᠨ ᠣᠷᠳᠣᠨ ᠠ᠋ᠴᠠ ᠢᠯᠠᠩᠭᠤᠶ᠎ᠠ ᠬᠡᠲᠦᠷᠬᠡᠢ ᠅
ᠲᠡᠷᠡ ᠣᠷᠳᠣᠨ ᠠᠷᠪᠠᠨ ᠬᠣᠶᠠᠷ ᠪᠠᠷ᠎ᠠ ᠶ᠋ᠢᠨ ᠲᠡᠳᠦᠢ ᠠᠭᠤᠵᠢᠮ᠃
ᠳᠥᠷᠪᠡᠯᠵᠢᠨ ᠳ᠋ᠦ᠍ᠷ ᠣᠯᠠᠨ ᠵᠦᠢᠯ ᠦ᠋ᠨ ᠡᠷᠳᠡᠨᠢ ᠪᠡᠷ ᠴᠢᠮᠡᠭᠰᠡᠨ ᠃
ᠭᠥᠯᠳᠢ ᠶᠢᠰᠦᠨ ᠵᠠᠭᠤᠨ ᠪᠠᠯᠠᠭᠤᠨ ᠬᠦᠷᠢᠶᠡᠲᠦ ᠲᠡᠭᠦᠨ ᠦ᠌᠃
ᠴᠡᠴᠡᠷᠯᠢᠭ ᠦ᠋ᠳ ᠲᠡᠭᠷᠢᠰ ᠦ᠋ᠨ ᠣᠷᠳᠣᠨ ᠠ᠋ᠴᠠ ᠦᠯᠡᠮᠵᠢ ᠅
ᠴᠠᠭ ᠤ᠋ᠨ ᠬᠦᠷᠳᠦ ᠶᠡᠬᠡ ᠪᠠᠭ᠎ᠠ ᠬᠣᠶᠠᠷ ᠮᠠᠨᠳᠠᠯ ᠠᠭᠰᠠᠨ ᠢ᠋᠃
ᠦᠵᠡᠭᠰᠡᠨ ᠦ᠌ ᠲᠡᠳᠦᠢ ᠪᠥᠭᠡᠳ ᠡᠷᠬᠢᠮ ᠰᠢᠳᠢ ᠶ᠋ᠢ ᠥᠭᠭᠦᠭᠴᠢ᠃
ᠦᠨᠡᠮᠯᠡᠬᠦᠢ ᠬᠡᠮᠵᠢᠯ ᠦᠭᠡᠢ ᠡᠷᠳᠡᠨᠢ ᠪᠡᠷ ᠪᠦᠲᠦᠭᠰᠡᠨ᠃
ᠲᠡᠳᠡᠭᠡᠷ ᠦ᠋ᠨ ᠬᠣᠶᠠᠷ ᠵᠦᠭ ᠲᠦ᠍ᠷ ᠲᠠᠭᠠᠯᠠᠯᠲᠤ ᠨᠠᠭᠤᠷ ᠤ᠋ᠳ ᠅
ᠠᠷᠪᠠᠨ ᠬᠣᠶᠠᠷ ᠪᠠᠷ᠎ᠠ ᠶ᠋ᠢᠨ ᠲᠡᠳᠦᠢ ᠡᠷᠳᠡᠨᠢ ᠪᠡᠷ ᠳᠦᠭᠦᠷᠡᠩ᠃
ᠬᠥᠮᠦᠨ ᠨᠤᠬᠦᠳ ᠨᠣᠮ ᠪᠠ ᠡᠳ᠋ ᠪᠡᠷ ᠪᠠᠶᠠᠯᠢᠭ ᠤ᠋ᠨ ᠳᠤᠮᠳᠠ ᠳ᠋ᠤᠷ᠃
ᠪᠣᠭᠳᠠ ᠯᠠᠮᠠ ᠴᠢ ᠪᠡᠷ ᠪᠠᠰᠠ ᠡᠳᠦᠢ ᠡᠴᠡ ᠪᠠᠷᠢᠵᠤ᠃
ᠳᠣᠯᠣᠭᠠᠨ ᠵᠠᠭᠤᠨ ᠵᠢᠯ ᠦ᠋ᠨ ᠲᠡᠳᠦᠢ ᠨᠢᠭᠡᠨ ᠣᠳᠬᠤ ᠪᠣᠯᠪᠠᠰᠤ ᠅
ᠣᠪᠣᠭ ᠲᠡᠭᠦᠰ ᠳᠣᠭᠰᠢᠨ ᠬᠠᠭᠠᠨ ᠪᠣᠯᠵᠤ ᠲᠡᠷᠰ ᠥᠮᠥᠭ ᠢ᠋᠃
ᠳᠠᠷᠤᠨ ᠲᠡᠭᠦᠰ ᠲᠡᠭᠦᠯᠳᠡᠷ ᠦ᠋ᠨ ᠦᠶ᠎ᠡ ᠪᠣᠯᠤᠨ ᠪᠦᠬᠦᠢ ᠳ᠋ᠦ᠍ᠷ ᠃
ᠡᠷᠲᠡ ᠶ᠋ᠢᠨ ᠠᠮᠠᠨ ᠲᠠᠩᠭᠠᠷᠢᠭ ᠢ᠋ ᠮᠠᠷᠲᠠᠯ ᠦᠭᠡᠢ ᠨᠠᠮᠠᠶ᠋ᠢ ᠃
ᠨᠥᠬᠥᠷ ᠦ᠋ᠳ ᠦ᠋ᠨ ᠠᠩᠬ᠎ᠠ ᠪᠣᠯᠭᠠᠨ ᠳᠠᠭᠠᠨ ᠪᠠᠷᠢᠨ ᠰᠣᠶᠣᠷᠬ᠎ᠠ ᠅
ᠭᠡᠲᠦᠯᠭᠡᠭᠴᠢ ᠡᠷᠬᠢᠮ ᠪᠣᠭᠳᠠ ᠯᠠᠮᠠ ᠮᠥᠨ ᠬᠦ᠌ ᠲᠠ ᠪᠠᠷ ᠴᠦ᠍᠃
ᠰᠠᠯᠬᠢᠨ ᠵᠢᠭᠦᠷᠲᠦ ᠲᠡᠭᠦᠰ ᠴᠢᠯᠠᠭᠤᠨ ᠮᠣᠷᠢᠨ ᠢ᠋ᠶ᠋ᠠᠨ ᠬᠥᠯᠭᠡᠯᠡᠨ᠃
ᠮᠣᠳᠣᠷ ᠳᠠᠬᠢ ᠵᠢᠳᠠᠨ ᠢ᠋ᠶ᠋ᠠᠨ ᠲᠡᠷᠰ ᠨᠠᠷ ᠲᠤᠷ ᠲᠤᠰᠬᠠᠵᠤ᠃
ᠮᠠᠭᠠᠳ ᠢ᠋ᠶ᠋ᠠᠷ ᠳᠠᠷᠤᠬᠤᠢ ᠳ᠋ᠤᠷ ᠮᠠᠨ ᠢ ᠳᠠᠭᠠᠨ ᠪᠠᠷᠢᠭᠲᠤᠨ ᠅
ᠡᠯᠳᠡᠪ ᠵᠦᠢᠯ ᠦ᠋ᠨ ᠥᠩᠭᠡ ᠪᠦᠷᠢ ᠬᠦᠯᠳᠢ ᠴᠡᠷᠢᠭ ᠠᠢᠮᠠᠭ ᠪᠠ᠃
ᠠᠷᠢᠬᠢ ᠪᠠᠷ ᠰᠣᠭᠲᠣᠭᠠᠭᠰᠠᠨ ᠶᠡᠬᠡ ᠵᠠᠭᠠᠨ ᠳᠥᠷᠪᠡᠨ ᠪᠤᠮ᠃
ᠭᠠᠯᠵᠠᠭᠤ ᠪᠠᠷ ᠦᠢᠯᠡᠳᠦᠭᠴᠢ ᠶᠡᠬᠡ ᠵᠠᠭᠠᠨ ᠳᠥᠷᠪᠡᠨ ᠪᠤᠮ ᠃
ᠶᠡᠬᠡ ᠠᠯᠲᠠᠨ ᠲᠡᠷᠭᠡᠳᠡᠨ ᠢ᠋ ᠲᠡᠷᠭᠡᠳᠡᠨ ᠢ᠋ᠶ᠋ᠡᠷ ᠲᠠᠯᠬᠠᠯᠠᠨ ᠅
ᠮᠡᠰᠡ ᠪᠦᠬᠦᠢ ᠥᠴᠦᠬᠡᠨ ᠴᠡᠷᠢᠭ ᠦ᠋ᠳ ᠢ᠋ ᠰᠥᠨᠥᠭᠡᠨ᠃
ᠲᠣᠭᠰᠢᠨ ᠥᠮᠥᠭ ᠴᠢᠭᠤᠯᠤᠭᠰᠠᠨ ᠳᠤᠮᠳᠠ ᠠᠨᠤ ᠣᠷᠣᠰᠢᠨ᠃
ᠥᠪᠡᠷ ᠢ᠋ᠶ᠋ᠡᠨ ᠢᠳᠡᠷᠬᠡᠭᠴᠢ ᠶ᠋ᠢᠨ ᠵᠢᠷᠦᠬᠡᠨ ᠢ᠋ ᠨᠡᠪᠳᠡᠯᠡᠨ᠃
ᠮᠣᠷᠢᠨ ᠳ᠋ᠠᠬᠢ ᠮᠠᠬ᠎ᠠ ᠽᠠᠨᠳᠠᠷ᠎ᠠ ᠬᠥᠪᠡᠭᠦᠨ ᠢ᠋ ᠪᠥᠭᠡᠰᠦ ᠅
ᠾᠡᠨᠤ ᠮᠠᠨᠳᠠ ᠬᠡᠮᠡᠭᠴᠢ ᠪᠡᠷ ᠬᠤᠷᠴᠠ ᠮᠡᠰᠡ ᠶ᠋ᠢ ᠳᠤᠰᠬᠠᠭᠠᠳ᠃
ᠮᠠᠬ᠎ᠠ ᠷᠤᠳᠠᠷᠠ ᠲᠡᠷᠢᠭᠦᠲᠡᠨ ᠠᠷᠪᠠᠨ ᠬᠣᠶᠠᠷ ᠲᠡᠭᠷᠢᠰ᠃
ᠠᠰᠤᠷᠢ ᠨᠠᠷ ᠲᠡᠷᠢᠭᠦᠲᠡᠨ ᠪᠦᠭᠦᠳᠡ ᠶ᠋ᠢ ᠭᠢᠰᠬᠢᠨ᠃
ᠶᠡᠬᠡ ᠵᠠᠭᠠᠨ ᠨᠤᠭᠤᠳ ᠢ᠋ᠶ᠋ᠠᠷ ᠵᠠᠭᠠᠨᠲᠠᠨ ᠢ᠋ ᠡᠪᠳᠡᠯᠡᠨ ᠅
ᠴᠢᠯᠠᠭᠤᠨ ᠤ᠋ ᠮᠣᠷᠢᠲᠠᠨ ᠢ᠋ᠶ᠋ᠠᠷ ᠮᠣᠷᠢᠲᠠᠨ ᠢ᠋ ᠰᠥᠨᠥᠭᠡᠨ᠃
ᠶᠡᠬᠡ ᠠᠯᠲᠠᠨ ᠲᠡᠷᠭᠡᠲᠡᠨ ᠢ᠋ ᠲᠡᠷᠭᠡᠲᠡᠨ ᠢ᠋ᠶ᠋ᠡᠷ ᠲᠠᠯᠬᠠᠯᠠᠨ᠃
ᠬᠠᠭᠠᠨ ᠨᠤᠭᠤᠳ ᠬᠠᠳ ᠢ᠋ ᠠᠨᠤ ᠨᠣᠮᠣᠬᠠᠳᠬᠠᠨ ᠳᠠᠷᠤᠭᠠᠳ᠃
ᠲᠡᠷᠰ ᠨᠠᠷ ᠤ᠋ᠨ ᠦᠷᠭᠦᠯᠵᠢᠯᠡᠯ ᠪᠦᠭᠦᠳᠡ ᠶ᠋ᠢ ᠲᠠᠰᠤᠯᠵᠤ ᠅
ᠴᠠᠭ ᠤ᠋ᠨ ᠬᠦᠷᠳᠦ ᠡᠷᠭᠢᠭᠦᠯᠬᠦᠢ ᠶ᠋ᠢᠨ ᠨᠣᠮ ᠤ᠋ᠨ ᠶᠣᠰᠣᠨ ᠪᠦᠬᠦᠨ ᠢ᠋᠃
ᠮᠠᠨᠳᠤᠭᠤᠯᠬᠤᠢ ᠲᠡᠷᠡ ᠴᠠᠭ ᠲᠤᠷ ᠮᠠᠨ ᠢ᠋ ᠳᠠᠭᠠᠨ ᠪᠠᠷᠢᠭᠲᠤᠨ᠃
ᠲᠡᠷᠡ ᠮᠡᠲᠦ ᠣᠯᠠᠨ ᠵᠢᠯ ᠳ᠋ᠦ᠍ᠷ ᠨᠣᠮ ᠢ᠋ ᠨᠣᠮᠯᠠᠨ ᠦᠢᠯᠡᠳᠴᠦ᠃
ᠮᠣᠷᠢᠨ ᠵᠢᠯ ᠦ᠋ᠨ ᠬᠣᠶᠠᠷ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ᠎ᠡ ᠅
ᠪᠠᠭᠠᠲᠤᠳ ᠪᠠ ᠷᠠᠭᠢᠨᠢᠰ ᠤ᠋ᠳ ᠬᠥᠭᠵᠢᠮ ᠳᠠᠭᠤᠨ ᠭᠠᠷᠭᠠᠵᠤ᠃
ᠠᠷᠪᠠᠨ ᠲᠦᠮᠡᠨ ᠲᠣᠭᠠᠲᠠᠨ ᠤ᠋ ᠨᠥᠬᠥᠳ ᠯᠦ᠍ᠭᠡ ᠰᠡᠯᠲᠡ ᠪᠡᠷ᠃
ᠲᠡᠷᠡ ᠴᠠᠭ ᠲᠤᠷ ᠲᠡᠭᠷᠢᠰ ᠦ᠋ᠨ ᠠᠬᠢᠨᠢᠰᠳᠠ ᠶ᠋ᠢᠨ ᠣᠷᠣᠨ᠎ᠠ᠃
ᠵᠢᠷᠭᠠᠯᠠᠩ ᠤ᠋ᠨ ᠭᠡᠭᠡᠨ ᠪᠡᠶ᠎ᠡ ᠶ᠋ᠢ ᠢᠯᠡᠳᠬᠡᠬᠦᠢ ᠶ᠋ᠢᠨ ᠦᠶ᠎ᠡ ᠳ᠋ᠦ᠍ᠷ ᠅
ᠨᠠᠮᠠᠶ᠋ᠢ ᠪᠠᠷ ᠡᠷᠬᠢᠮ ᠬᠤᠲᠤᠭ ᠣᠯᠬᠤ ᠪᠣᠯᠭᠠᠨ ᠵᠣᠬᠢᠶᠠ᠃
ᠭᠡᠲᠦᠯᠭᠡᠭᠴᠢ ᠯᠠᠮᠠ ᠲᠠ ᠪᠠᠷ ᠢᠷᠡᠭᠡᠳᠦᠢ ᠶ᠋ᠢᠨ ᠭᠠᠯᠠᠪᠠ ᠶ᠋ᠢᠨ᠃
ᠪᠠᠯᠭᠠᠰᠤᠨ ᠳ᠋ᠤᠷ ᠶᠡᠬᠡ ᠲᠣᠭᠰᠢᠨ ᠬᠦᠷᠳᠦᠨ ᠣᠷᠴᠢᠭᠤᠯᠤᠭᠴᠢ᠃
ᠬᠠᠭᠠᠨ ᠪᠣᠯᠵᠤ ᠲᠢᠷᠲ᠋ᠢ ᠨᠠᠷ ᠢ᠋ ᠲᠤᠰᠠᠯᠠᠬᠤᠢ ᠳ᠋ᠤᠷ ᠨᠠᠮᠠᠶ᠋ᠢ ᠃
ᠨᠥᠬᠥᠷ ᠦ᠋ᠳ ᠦ᠋ᠨ ᠠᠩᠬ᠎ᠠ ᠪᠣᠯᠭᠠᠨ ᠡᠨᠡᠷᠢᠵᠦ ᠠᠪᠤᠭᠠᠳ᠃
ᠡᠯᠪᠡᠷᠢᠵᠦ ᠢᠪᠡᠭᠡᠭᠡᠳ ᠡᠷᠬᠢᠮ ᠰᠢᠳᠢ ᠶ᠋ᠢ ᠰᠣᠶᠣᠷᠬ᠎ᠠ ᠅
ᠬᠦᠰᠡᠬᠦᠨ ᠦ᠌ ᠣᠯᠵᠠ ᠵᠤᠨ ᠤ᠋ ᠳᠠᠯᠠᠢ ᠮᠡᠲᠦ ᠠᠷᠪᠢᠳᠤᠨ᠃
ᠭᠡᠮ ᠦ᠋ᠳ ᠦᠭᠡᠢ ᠣᠪᠣᠭ ᠦᠷ᠎ᠡ ᠶ᠋ᠢᠨ ᠮᠥᠷ ᠨᠢ ᠦᠯᠦ ᠲᠠᠰᠤᠷᠠᠨ᠃
ᠡᠳᠦᠷ ᠰᠥᠨᠢ ᠪᠣᠭᠳᠠ ᠯᠠᠮᠠ ᠶ᠋ᠢᠨ ᠨᠣᠮ ᠤ᠋ᠳ ᠢ᠋ᠶ᠋ᠠᠷ ᠨᠥᠭᠴᠢᠶᠡᠨ᠃
ᠪᠦᠷᠢᠨ ᠲᠡᠭᠦᠰ ᠴᠣᠭ ᠲᠤᠷ ᠠᠬᠤᠢ ᠥᠯᠵᠡᠢ ᠬᠤᠲᠤᠭ ᠣᠷᠣᠰᠢ ᠅ ᠃ ᠅
ᠰᠤᠳᠤᠷ ᠤ᠋ᠨ ᠦᠰᠦᠭ ᠢ᠋ ᠳᠡᠭᠰᠢᠮᠥ᠋ᠩᠬᠡ ᠠᠮᠢᠯᠠᠭᠤᠯᠪᠠ᠃
ᠬᠢᠨᠠᠯᠲᠠ ᠬᠢᠭᠰᠡᠨ ᠨᠢ《ᠬᠡᠢᠮᠣᠷᠢ》 ᠰᠦᠯᠵᠢᠶ᠎ᠡ ᠶ᠋ᠢᠨ《ᠱᠠᠰᠢᠨ ᠰᠢᠲᠦᠯᠭᠡ》 ᠬᠣᠯᠪᠣᠭ᠎ᠠ᠃
