ᠡᠵᠢ ᠮᠢᠨᠢ- ᠵᠡᠭᠦᠨᠭᠠᠷ᠂ ᠪᠤᠶᠠᠨᠪᠠᠲᠤЭэж минь-Зүүнгар,Буянбат
ᠡᠵᠢ ᠮᠢᠨᠢ
ᠵᠡᠭᠦᠨᠭᠠᠷ᠂ ᠪᠤᠶᠠᠨᠪᠠᠲᠤ
ᠡᠵᠢ ᠮᠢᠨᠢ ᠨᠠᠮ᠎ᠠ ᠶ᠋ᠢ ᠲᠥᠷᠥᠬᠦ ᠳ᠋ᠦ᠍ ᠪᠡᠨ ᠬᠠᠨ᠎ᠠ ᠶ᠋ᠢᠨ ᠦᠳᠡᠭᠡᠷᠢ ᠶ᠋ᠢ ᠲᠠᠰᠤ ᠦᠰᠦᠷᠲᠡᠯ᠎ᠡ ᠪᠠᠵᠠᠵᠤ
ᠡᠷᠡᠳᠡᠭᠦᠨ ᠰᠢᠷᠭᠠᠯ ᠴᠣᠬᠢᠶ᠎ᠠ ᠶ᠋ᠢ ᠡᠩᠭᠡᠷ ᠡᠴᠡ ᠪᠡᠨ ᠮᠡᠭᠰᠢᠲᠡᠯᠡ ᠨᠢ ᠶᠣᠣᠯᠠᠭ᠍ᠰᠠᠨ ᠶᠤᠮ ᠭᠡᠳᠡᠭ᠂
ᠪᠦᠲᠦᠨ ᠰᠠᠷ᠎ᠠ ᠰᠢᠩᠭᠡᠬᠦ ᠪᠡᠨ ᠮᠠᠷᠲᠠᠨ ᠲᠣᠭᠣᠨᠣ ᠳᠡᠭᠡᠷ᠎ᠡ ᠪᠡᠨ ᠡᠮᠵᠡᠭᠯᠡᠵᠦ
ᠪᠢᠲᠡᠭᠦᠦ ᠳᠠᠷᠤᠭᠰᠠᠨ ᠴᠠᠰᠤ ᠬᠣᠲᠠᠨ ᠵᠠᠬ᠎ᠠ ᠠ᠋ᠴᠠ ᠬᠠᠭ᠍ᠵᠠᠷᠠᠭ᠍ᠰᠠᠨ ᠶᠤᠮ ᠭᠡᠳᠡᠭ᠃
ᠲᠣᠭᠣᠨᠣ ᠪᠠᠨ ᠲᠤᠯᠬᠤ ᠪᠠᠭᠠᠨ᠎ᠠ ᠲᠠᠢ ᠪᠣᠯᠣᠯ᠎ᠠ ᠭᠡᠵᠦ ᠭᠠᠯ ᠤ᠋ᠨ ᠪᠤᠷᠬᠠᠨ ᠳ᠋ᠤ᠌ ᠪᠠᠨ ᠵᠠᠯᠪᠠᠷᠢᠵᠤ
ᠲᠤᠭ ᠪᠠᠷᠢᠬᠤ ᠬᠦᠦ ᠵᠠᠶᠠᠭᠠᠯ᠎ᠠ ᠭᠡᠵᠦ ᠦᠷ ᠦ᠋ᠨ ᠴᠣᠯᠮᠣᠨ ᠳ᠋ᠤ᠌ ᠰᠢᠪᠡᠨᠡᠵᠦ᠂
ᠲᠥᠷᠥ ᠳ᠋ᠦ᠍ ᠲᠥᠯ ᠨᠡᠮᠡᠯ᠎ᠡ ᠭᠡᠵᠦ ᠲᠥᠷᠥᠬᠦᠢ ᠶ᠋ᠢᠨ ᠵᠣᠪᠠᠯᠠᠩ ᠢ᠋ ᠦᠷᠭᠦᠭᠡᠵᠦ
ᠲᠦᠷᠦᠭᠰᠡᠨ ᠭᠠᠵᠠᠷ ᠠ᠋ᠴᠠ ᠪᠠᠨ ᠤᠶᠠᠭ᠎ᠠ ᠲᠠᠢ ᠪᠠᠢᠭ ᠭᠡᠵᠦ ᠬᠦᠢ ᠶ᠋ᠢ ᠮᠢᠨᠢ ᠴᠢᠯᠠᠭᠤᠨ ᠳ᠋ᠤ᠌ ᠵᠠᠩᠭᠢᠳᠤᠭ᠍ᠰᠠᠨ᠃
ᠪᠦᠪᠡᠢ ᠶ᠋ᠢᠨ ᠳᠠᠭᠤᠤ ᠪᠠᠨ ᠪᠥᠩ ᠪᠥᠩ ᠠᠰᠬᠠᠵᠤ ᠤᠷᠭᠤᠭᠤᠯᠤᠭ᠍ᠰᠠᠨ
ᠪᠤᠴᠢᠭᠢᠨᠠᠭᠤᠷ ᠰᠢᠭ᠋ ᠪᠤᠷᠭᠤᠰᠢᠭ᠍ᠰᠠᠨ ᠭᠠᠷ ᠳᠡᠭᠡᠷ᠎ᠡ ᠪᠡᠨ ᠪᠥᠮᠪᠥᠷᠢᠭᠦᠯᠵᠦ ᠥᠰᠬᠡᠭᠰᠡᠨ᠂
ᠪᠣᠲᠣᠭᠣ ᠪᠢᠳᠡ ᠬᠣᠶᠠᠷ ᠢ᠋ ᠡᠭᠡᠯᠵᠢᠯᠡᠵᠦ ᠦᠨᠦᠰᠦᠭ᠌ᠰᠡᠨ
ᠪᠤᠯᠠᠭᠠᠨ ᠭᠣᠪᠢ ᠶ᠋ᠢᠨ ᠲᠡᠭᠷᠢ᠂ ᠮᠢᠨᠦ ᠲᠡᠭᠷᠢ– ᠡᠵᠢ ᠮᠢᠨᠢ
ᠢᠩᠭᠡ ᠪᠣᠲᠣᠭᠣ ᠪᠠᠨ ᠭᠣᠯᠣᠬᠤ ᠳ᠋ᠤ᠌ ᠬᠥᠭᠡᠰ ᠬᠥᠭᠡᠰ ᠳᠠᠭᠤᠯᠠᠭᠠᠳ ᠠᠮᠠᠯᠠᠭᠤᠯᠴᠢᠬᠠᠭ᠍ᠰᠠᠨ ᠪᠠᠢᠳᠠᠭ
ᠢᠨᠵᠠᠭ᠎ᠠ ᠡᠬᠡ ᠡᠴᠡ ᠪᠡᠨ ᠥᠨᠥᠴᠢᠷᠡᠬᠦ ᠳ᠋ᠦ᠍ ᠬᠥᠭᠡᠷᠦᠬᠦᠢ ᠬᠥᠭᠡᠷᠦᠬᠦᠢ ᠭᠡᠳ ᠬᠠᠢᠯᠴᠢᠬᠠᠭ᠍ᠰᠠᠨ ᠪᠠᠢᠳᠠᠭ᠂
ᠶᠡᠷᠦ ᠪᠤᠰᠤ ᠶ᠋ᠢᠨ ᠬᠢᠰᠠᠯ ᠳ᠋ᠤ᠌ ᠤᠴᠠᠷᠠᠬᠤ ᠳ᠋ᠤ᠌ ᠶᠠᠭᠠᠬᠢᠬᠤᠪ ᠶᠠᠭᠠᠬᠢᠬᠤᠪ ᠭᠡᠳ ᠲᠠᠢᠪᠤᠰᠢᠷᠠᠴᠢᠬᠠᠭ᠍ᠰᠠᠨ ᠪᠠᠢᠳᠠᠭ
ᠶᠡᠷᠡᠨ ᠶᠢᠰᠦᠨ ᠲᠡᠭᠷᠢ ᠮᠢᠨᠢ ᠥᠷᠥᠰᠢᠶᠡᠨ᠎ᠡ ᠥᠷᠥᠰᠢᠶᠡᠨ᠎ᠡ ᠭᠡᠳ ᠠᠭᠤᠵᠢᠷᠠᠴᠢᠬᠠᠭ᠍ᠰᠠᠨ ᠪᠠᠢᠳᠠᠭ᠃
ᠬᠣᠷᠸ᠎ᠠ ᠶ᠋ᠢᠨ ᠬᠠᠲᠠᠭᠤ ᠶ᠋ᠢ ᠮᠠᠨᠢ ᠶ᠋ᠢᠨ ᠤᠩᠰᠢᠯᠭ᠎ᠠ ᠪᠠᠷ ᠠᠷᠭᠠᠳᠠᠵᠤ
ᠬᠢᠮᠤᠰᠤ ᠪᠠᠨ ᠬᠦᠷᠲᠡᠯ᠎ᠡ ᠵᠥᠭᠡᠯᠡᠯᠡᠵᠦ ᠨᠢᠷᠤᠭᠤ ᠶ᠋ᠢ ᠮᠢᠨᠢ ᠮᠠᠭᠠᠵᠢᠳᠠᠭ᠂
ᠬᠣᠲᠠᠨ ᠳ᠋ᠠᠬᠢ ᠮᠠᠯ ᠲᠠᠢ ᠪᠠᠨ ᠳᠦᠩᠭᠢᠨᠡᠲᠡᠯ᠎ᠡ ᠶᠠᠷᠢᠵᠤ ᠪᠣᠳᠣᠯ ᠤ᠋ᠨ ᠰᠢᠷᠢᠯᠳᠦᠭᠡ ᠪᠡᠨ ᠵᠠᠳᠠᠯᠤᠭ᠍ᠰᠠᠨ
ᠬᠣᠷᠣᠬᠠᠢ ᠳ᠋ᠤ᠌ ᠬᠣᠣᠷ ᠦᠭᠡᠢ ᠮᠠᠢᠵᠢᠭᠢᠷ ᠪᠤᠷᠬᠠᠨ ᠡᠵᠢ ᠮᠢᠨᠢ!
ᠵᠠᠵᠢᠨ ᠦᠰᠦᠨ ᠳ᠋ᠦ᠍ ᠨᠢ ᠳᠡᠩᠳᠡᠭᠦᠦ ᠡᠷᠲᠡ ᠬᠢᠷᠠᠭᠤ ᠤᠨᠠᠭ᠍ᠰᠠᠨ ᠡᠵᠢ ᠡᠴᠡ ᠪᠡᠨ
ᠵᠠᠶᠠᠭᠠᠨ ᠤ᠋ ᠡᠷᠬᠡ ᠪᠡᠷ ᠪᠢᠰᠢ ᠵᠠᠮ ᠤ᠋ᠨ ᠡᠷᠬᠡ ᠪᠡᠷ ᠠᠶᠠᠷ ᠬᠣᠯᠠ ᠶᠠᠪᠤᠬᠤ ᠳ᠋ᠤ᠌ ᠮᠢᠨᠢ᠂
ᠵᠠᠭ ᠤ᠋ᠨ ᠬᠥᠬᠡ ᠪᠤᠷ᠎ᠠ ᠶ᠋ᠢ ᠨᠠᠮᠤᠰᠭᠢᠲᠡᠯᠡ ᠰᠡᠭᠦᠷᠡᠰᠦᠯᠡᠵᠦ
ᠽᠠᠮᠪᠤᠲᠢᠪ ᠤ᠋ᠨ ᠨᠠᠷᠠ ᠰᠡᠷᠵᠢᠮᠯᠡᠵᠦ ᠦᠳᠡᠳᠡᠭ ᠪᠠᠢᠭᠰᠠᠨ᠃
ᠬᠤᠯᠠᠨ ᠵᠢᠷᠤᠭ᠎ᠠ ᠡᠭᠦᠳᠡ ᠭᠣᠣᠯᠯᠠᠨ ᠵᠢᠷᠭᠢᠬᠦ ᠪᠡᠷ ᠨᠢ
ᠬᠣᠯᠠ ᠶᠠᠪᠤᠭᠰᠠᠨ ᠬᠦᠦ ᠮᠢᠨᠢ ᠢᠷᠡᠬᠦ ᠨᠢ ᠭᠡᠵᠦ ᠮᠠᠩᠨᠠᠢ ᠨᠢ《ᠬᠠᠭᠠᠷᠠᠳᠠᠭ》 ᠡᠵᠢ ᠮᠢᠨᠢ!
ᠬᠤᠷᠤᠭᠤᠨ ᠴᠢᠨᠡᠭᠡᠨ ᠦᠷ᠎ᠡ ᠶ᠋ᠢ ᠮᠢᠨᠢ ᠥᠷᠥᠰᠢᠶᠡᠵᠦ ᠬᠠᠢᠷᠠᠯᠠ ᠭᠡᠵᠦ ᠪᠤᠷᠬᠠᠨ ᠳ᠋ᠤ᠌ ᠰᠥᠬᠥᠷᠡᠵᠦ
ᠬᠤᠷᠢᠶᠠᠵᠤ ᠨᠥᠭᠡᠴᠡᠯᠡᠭᠰᠡᠨ ᠪᠦᠬᠦᠨ ᠢ᠋ᠶ᠋ᠡᠨ ᠦᠷ᠎ᠡ ᠳ᠋ᠦ᠍ ᠪᠡᠨ ᠢᠯᠡᠭᠡᠭᠰᠡᠨ ᠡᠵᠢ ᠮᠢᠨᠢ!
ᠳᠡᠯᠡᠬᠡᠢ ᠶ᠋ᠢᠨ ᠴᠠᠭᠠᠨ᠎ᠠ ᠠ᠋ᠴᠠ ᠬᠦᠦ ᠴᠢᠨᠢ ᠤᠨᠠᠭ᠎ᠠ ᠰᠢᠭ᠋ ᠭᠦᠶᠦᠭᠡᠳ ᠣᠴᠢᠬᠤ ᠳ᠋ᠤ᠌
ᠲᠡᠭᠷᠢ ᠶ᠋ᠢᠨ ᠨᠠᠭᠠᠨ᠎ᠠ ᠠ᠋ᠴᠠ ᠡᠵᠢ ᠮᠢᠨᠢ ᠨᠠᠷᠠ ᠰᠢᠭ ᠲᠣᠰᠣᠭᠠᠳ ᠢᠷᠡᠳᠡᠭ ᠰᠠᠨ᠂
ᠥᠨᠳᠥᠷ ᠨᠠᠰᠤᠨ ᠤ᠋《ᠳᠠᠷᠤᠯᠲᠠ》 ᠳ᠋ᠤ᠌ ᠠᠭᠰᠢᠵᠤ ᠨᠠᠮᠬᠠᠨ ᠪᠣᠯᠣᠭᠰᠠᠨ ᠡᠵᠢ ᠮᠢᠨᠢ
ᠦᠷ ᠦ᠋ᠨ ᠴᠣᠯᠮᠣᠨ ᠰᠢᠭ᠋ ᠬᠦᠦ ᠪᠡᠨ ᠥᠨᠳᠡᠢᠵᠦ ᠢᠷᠡᠭᠡᠳ ᠦᠨᠦᠰᠳᠡᠭ ᠰᠠᠨ᠃
ᠨᠣᠭᠲᠣ ᠪᠠᠨ ᠴᠢᠷᠦᠭᠰᠡᠨ ᠪᠣᠲᠣᠭᠣ ᠠᠯᠳᠠᠭᠤᠯᠤᠭᠠᠳ ᠬᠥᠳᠡᠭᠡ ᠨᠢᠭᠡ ᠬᠣᠨᠣᠬᠤ ᠳ᠋ᠤ᠌
ᠨᠣᠢᠷ ᠢ᠋ᠶ᠋ᠠᠨ ᠬᠤᠯᠵᠢᠭᠠᠵᠤ ᠴᠣᠷᠮᠠᠬᠢᠯ ᠦᠭᠡᠢ ᠬᠣᠨᠣᠳᠠᠭ ᠪᠠᠢᠭᠰᠠᠨ ᠠ᠋! ᠡᠵᠢ ᠮᠢᠨᠢ
ᠨᠣᠷᠪᠤ ᠳ᠋ᠦᠨᠲ᠋ᠠᠩ ᠠ᠋ᠴᠠ ᠥᠭᠡᠷ᠎ᠡ ᠡᠮ ᠤᠤᠭᠤᠵᠤ ᠦᠵᠡᠭᠡ ᠦᠭᠡᠢ ᠡᠵᠢ ᠮᠢᠨᠢ
ᠨᠣᠢᠲᠠᠨ ᠰᠣᠷᠮᠤᠤᠰᠤ ᠲᠠᠢ ᠠᠮᠢᠲᠠᠨ ᠤ᠋ ᠦᠷᠡᠰ ᠢ᠋ ᠠᠳᠠᠯᠢᠬᠠᠨ ᠦᠷᠦ ᠡᠪᠡᠳᠳᠡᠭ ᠪᠠᠢᠭᠰᠠᠨ ᠠ᠋! ᠡᠵᠢ ᠮᠢᠨᠢ
ᠲᠡᠭᠷᠢ ᠭᠠᠵᠠᠷ ᠲᠤ᠌ ᠪᠠᠨ ᠭᠣᠮᠣᠳᠠᠵᠤ ᠭᠠᠭ᠍ᠴᠠ ᠴᠤ᠌ ᠠᠮᠠ ᠬᠠᠵᠠᠢᠭᠠ ᠦᠭᠡᠢ
ᠲᠡᠮᠡᠭᠡ ᠮᠠᠯ ᠳ᠋ᠤ᠌ ᠪᠠᠨ ᠠᠭᠤᠷᠯᠠᠵᠤ ᠭᠠᠭ᠍ᠴᠠ ᠴᠤ᠌ ᠴᠢᠯᠠᠭᠤ ᠰᠢᠳᠡᠭᠡ ᠦᠭᠡᠢ᠂
ᠲᠦᠯᠡᠭᠡ ᠠᠷᠭᠠᠯ ᠬᠠᠮᠤᠵᠤ ᠠᠢᠯ ᠤ᠋ᠨ ᠥᠩᠭᠡ ᠶ᠋ᠢ ᠥᠭᠡᠳᠡ ᠲᠠᠲᠠᠭᠰᠠᠨ
ᠲᠡᠦᠬᠡ ᠶ᠋ᠢᠨ ᠴᠠᠭᠠᠨ ᠡᠭᠦᠳᠡᠨ ᠳᠡᠭᠡᠷ᠎ᠡ ᠬᠦᠯᠢᠶᠡᠯᠲᠡ ᠪᠡᠷ ᠴᠢᠯᠠᠭᠤᠵᠢᠭ᠍ᠰᠠᠨ ᠡᠵᠢ ᠮᠢᠨᠢ!
ᠮᠥᠰᠥᠲᠦ ᠰᠠᠷᠢᠳᠠᠭ ᠤ᠋ᠨ ᠤᠷᠤᠭᠤᠯ ᠳᠡᠭᠡᠷ᠎ᠡ ᠢᠬᠢᠷ᠎ᠡ ᠪᠣᠲᠣᠭᠣ ᠰᠢᠭ᠋ ᠠᠰᠠᠭᠰᠠᠨ
ᠮᠥᠩᠬᠡ ᠶ᠋ᠢᠨ ᠬᠤᠲᠤᠭᠲᠤ ᠸᠠᠩᠰᠠᠮᠪᠤᠷᠤ ᠴᠡᠴᠡᠭ ᠢ᠋ ᠡᠵᠢ ᠲᠠᠨ ᠳ᠋ᠤ᠌ ᠪᠠᠨ ᠠᠪᠴᠢᠷᠠᠬᠤ ᠰᠠᠨ᠂
ᠮᠥᠩᠭᠥᠨ ᠴᠥᠭᠦᠴᠡᠨ ᠳ᠋ᠦ᠍ ᠮᠥᠩᠬᠡ ᠶ᠋ᠢᠨ ᠷᠠᠰᠢᠶᠠᠨ ᠢ᠋ ᠭᠡᠮᠨᠡᠭᠡᠳ
ᠮᠥᠷᠡᠨ ᠲᠠᠩᠭᠢᠰ ᠰᠢᠭ᠋ ᠬᠠᠢᠷ᠎ᠠ ᠶ᠋ᠢᠨ ᠰᠠᠬᠢᠭᠤᠰᠤ ᠡᠵᠢ ᠲᠠᠨ ᠳ᠋ᠤ᠌ ᠪᠠᠨ ᠠᠪᠴᠢᠷᠠᠬᠤ ᠰᠠᠨ᠃
ᠡᠪᠡᠰᠦᠨ ᠳ᠋ᠦ᠍ ᠤᠬᠢᠯᠠᠭᠰᠠᠨ ᠲᠡᠭᠷᠢ ᠶ᠋ᠢᠨ ᠨᠢᠯᠪᠤᠰᠤ ᠪᠠᠷ ᠴᠠᠢ ᠴᠢᠨᠠᠵᠤ
ᠡᠷᠬᠡ ᠬᠠᠩᠭᠠᠯ ᠰᠠᠯᠬᠢᠨ ᠳ᠋ᠤ᠌ ᠨᠣᠣᠯᠤᠭᠤᠯᠤᠭ᠍ᠰᠠᠨ ᠡᠵᠢ ᠶ᠋ᠢᠨ ᠢ᠋ᠶ᠋ᠡᠨ ᠴᠠᠩᠭᠠᠭ᠎ᠠ ᠶ᠋ᠢ ᠲᠠᠢᠯᠵᠤ ᠨᠢᠭᠡ ᠦᠵᠡᠬᠦ ᠰᠠᠨ᠂
ᠡᠨᠡ ᠵᠤᠨ ᠤ᠋ ᠬᠢ ᠪᠠᠢᠲᠤᠭᠠᠢ ᠬᠡᠳᠦᠨ ᠵᠠᠭᠤᠨ ᠤ᠋ ᠴᠡᠴᠡᠭ ᠢ᠋ᠶ᠋ᠡᠷ ᠳᠡᠪᠢᠰᠬᠡᠷ ᠵᠣᠯᠠᠵᠤ
ᠡᠭᠡᠰᠢᠭᠯᠡᠩ ᠪᠦᠬᠦᠨ ᠦ᠌ ᠮᠠᠩᠯᠠᠢ ᠳ᠋ᠤ᠌ ᠭᠢᠯᠠᠯᠵᠠᠭ᠍ᠰᠠᠨ ᠡᠵᠢ ᠶ᠋ᠢᠨ ᠢ᠋ᠶ᠋ᠡᠨ ᠠᠴᠢ ᠶ᠋ᠢ ᠬᠠᠷᠢᠭᠤᠯᠠᠵᠤ ᠨᠢᠭᠡ ᠦᠵᠡᠬᠦ ᠰᠠᠨ᠃
ᠠᠯᠠᠱᠠ ᠪᠠᠷᠠᠭᠤᠨ ᠬᠤᠰᠢᠭᠤᠨ ᠤ᠋ ᠮᠣᠩᠭᠣᠯ ᠪᠠᠭ᠎ᠠ ᠰᠤᠷᠭᠠᠭᠤᠯᠢ ᠶ᠋ᠢᠨ ᠵᠢᠷᠭᠤᠳᠤᠭᠠᠷ ᠣᠨ ᠤ᠋ ᠬᠣᠶᠠᠳᠤᠭᠠᠷ ᠠᠩᠭᠢ ᠶ᠋ᠢᠨ ᠰᠤᠷᠤᠭ᠍ᠴᠢ ᠠᠰᠠᠨ᠎ᠠ ᠤᠶᠠᠩᠭᠠᠯᠠᠪᠠ᠃
ᠦᠰᠦᠭ ᠬᠠᠳᠠᠭ᠍ᠰᠠᠨ ᠨᠢ᠄ ᠰᠡᠷᠭᠦᠯᠡᠩ
ᠦᠰᠦᠭ ᠠᠮᠢᠯᠠᠭᠤᠯᠤᠭ᠍ᠰᠠᠨ ᠨᠢ᠄ ᠮᠥᠩᠭᠦᠨᠴᠡᠴᠡᠭ
ᠬᠢᠨᠠᠭ᠍ᠴᠢ ᠪᠠᠭ᠍ᠰᠢ᠄ ᠮᠥᠴᠢᠷ